ᠷᠢᠨᠴᠢᠨᠳᠤᠷᠵᠢ᠂1954 ᠣᠨ ᠳᠤ ᠤᠯᠠᠭᠠᠨᠴᠠᠪ ᠠᠶᠢᠮᠠᠭ ᠤᠨ ᠲᠠᠷᠬᠠᠨ ᠮᠤᠤᠮᠢᠩᠭᠠᠨ ᠬᠤᠯᠪᠤᠭᠠᠳᠦ | ᠬᠤᠰᠢᠭᠤᠨ ᠤ ᠪᠠᠶ᠋ᠬᠠᠤᠪᠤᠭ᠎ᠠ ᠰᠤᠮᠤ ᠳᠤ ᠲᠦᠷᠦᠪᠡ᠃1980 ᠣᠨ ᠳᠤ ᠪᠡᠭᠡᠵᠢᠩ ᠶᠡᠭᠡ ᠰᠤᠷᠭᠠᠭᠤᠯᠢ | ᠲᠡᠭᠦᠰᠦᠭᠡᠳ ᠦᠪᠦᠷ ᠮᠤᠩᠭᠤᠯ ᠤᠨ ᠭᠠᠵᠠᠷ ᠬᠦᠳᠡᠯᠦᠯᠳᠡ ᠶᠢᠨ ᠲᠤᠪᠴᠢᠶᠠᠨ ᠳᠤ ᠢᠨᠵᠧᠨᠧᠷ ᠢᠶᠠᠷ ᠠᠵᠢᠯᠯᠠᠵᠦ | ᠪᠠᠶᠢᠭᠰᠠᠨ ᠢᠶᠠᠨ1984 ᠤᠨ ᠳᠤ ᠦᠪᠦᠷ ᠮᠤᠩᠭᠤᠯ ᠤᠨ ᠤᠳᠬ᠎ᠠ ᠤᠷᠠᠯᠢᠭ ᠤᠨ ᠬᠢᠨ ᠤ ᠬᠤᠯᠪᠤᠭᠠᠨ ᠳᠤ ᠠᠵᠢᠯ | ᠰᠢᠯᠵᠢᠵᠦ ︽ᠦᠨᠢᠷ ᠴᠡᠴᠡᠭ︾ ᠰᠡᠳᠭᠦᠯ ᠳᠤ ᠨᠠᠶᠢᠷᠠᠭᠤᠯᠤᠭᠴᠢ᠂ ᠨᠠᠶᠢᠷᠠᠭᠤᠯᠬᠤ ᠭᠡᠷ ᠤᠨ ᠡᠷᠬᠢᠯᠡᠭᠴᠢ᠂ ︽ᠲᠠᠯ᠎ᠠ | ᠨᠤᠳᠤᠭ︾ ᠤᠷᠠᠨ ᠵᠤᠬᠢᠶᠠᠯ ᠤᠨ ᠰᠡᠳᠭᠦᠯ ᠳᠤ ᠲᠡᠳ᠋ ᠶᠡᠷᠦᠩᠬᠡᠢ ᠨᠠᠶᠢᠷᠠᠭᠤᠯᠤᠭᠴᠢ᠂ ᠤᠳᠬ᠎ᠠ ᠤᠷᠠᠯᠢᠭ ᠤᠨ ᠬᠢᠨ | ᠤ ᠬᠤᠯᠪᠤᠭᠠᠨ ᠤ ᠤᠨᠤᠯ ᠰᠤᠳᠤᠯᠬᠤ ᠭᠠᠵᠠᠷ ᠤᠨ ᠡᠷᠬᠢᠯᠡᠭᠴᠢ᠂ ︽ᠠᠯᠳᠠᠨ ᠲᠦᠯᠬᠢᠬᠦᠷ︾ ᠰᠡᠳᠭᠦᠯ ᠤᠨ | ᠶᠡᠷᠦᠩᠭᠡᠢ ᠨᠠᠶᠢᠷᠠᠭᠤᠯᠤᠭᠴᠢ ᠪᠠᠷ ᠠᠵᠢᠯᠯᠠᠵᠦ ᠪᠠᠶᠢᠭᠠᠳ2014 ᠤᠨ ᠳᠤ ᠠᠵᠢᠯ ᠤᠨ ᠠᠮᠠᠷᠠᠯᠳᠠ ᠪᠠᠨ ᠠᠪᠤᠪᠠ᠃ | ᠲᠤᠮᠳᠠᠳᠦ ᠤᠯᠤᠰ ᠤᠨ ᠤᠳᠬ᠎ᠠ ᠤᠷᠠᠯᠢᠭ ᠤᠨ ᠰᠢᠭᠦᠮᠵᠢᠯᠡᠭᠴᠢᠳ ᠤᠨ ᠡᠪᠯᠡᠯ ᠤᠨ ᠡᠷᠬᠢᠯᠡᠭᠴᠢ᠂ ᠲᠤᠮᠳᠠᠳᠦ | ᠤᠯᠤᠰ ᠤᠨ ᠵᠤᠬᠢᠶᠠᠯᠴᠢᠳ ᠤᠨ ᠡᠪᠯᠡᠯ ᠤᠨ ᠬᠡᠰᠢᠭᠦᠨ᠂ ᠬᠢᠨᠠᠨ ᠨᠠᠶᠢᠷᠠᠭᠤᠯᠤᠭᠴᠢ ᠶᠢᠨ ᠮᠡᠷᠭᠡᠵᠢᠯ ᠤᠨ ᠴᠤᠯᠠ ᠲᠠᠢ᠃ | | | ᠬᠤᠷᠢᠳᠤᠭᠠᠷ ᠵᠠᠭᠤᠨ ᠤ ᠨᠠᠶᠠᠭᠠᠳ ᠤᠨ ᠠᠴᠠ ᠤᠳᠬ᠎ᠠ ᠵᠤᠬᠢᠶᠠᠯ ᠤᠨ ᠰᠢᠭᠦᠮᠵᠢᠯᠡᠯ ᠰᠤᠳᠤᠯᠤᠯ ᠤᠨ | ᠦᠭᠦᠯᠡᠯ ᠰᠢᠭᠦᠮᠵᠢ ᠵᠠᠭᠤ ᠭᠠᠷᠤᠢ ᠨᠡᠶᠢᠳᠡᠯᠡᠭᠦᠯᠵᠦ ︽ᠮᠤᠩᠭᠤᠯ ᠤᠳᠬ᠎ᠠ ᠵᠤᠬᠢᠶᠠᠯ ᠤᠨ ᠰᠢᠭᠦᠮᠵᠢᠯᠡᠯ ᠤᠨ | ᠰᠤᠩᠭᠤᠮᠠᠯ︾ ︽ᠴᠢᠮᠡᠳᠳᠤᠷᠵᠢ ᠰᠤᠳᠤᠯᠤᠯ︾᠂ ︽ᠬᠠᠷᠢᠴᠠᠭᠤᠯᠤᠯ ᠤᠨ ᠤᠷᠠᠨ ᠵᠤᠬᠢᠶᠠᠯ ᠤᠨ ᠦᠭᠦᠯᠡᠮᠵᠢ︾᠂ ︽ | ᠶᠡᠷᠡᠭᠡᠳ ᠣᠨ ᠤ ᠮᠤᠩᠭᠤᠯ ᠨᠠᠶᠢᠷᠠᠭᠤᠯᠤᠯ︾ ︽ᠰᠢᠯᠵᠢᠯᠳᠡ ᠬᠢᠬᠡᠳ ᠬᠤᠪᠢᠰᠤᠯᠳᠠ︾᠂ ︽ᠢᠨᠵᠠᠨᠨᠠᠰᠢ ᠶᠢᠨ ᠤᠨ | ᠤ ᠪᠢᠴᠢᠭ︾᠂ ︽ᠤᠯᠠᠨ ᠰᠦᠮ᠎ᠡ ᠶᠢᠨ ᠱᠠᠰᠳᠢᠷ ︾ ᠵᠡᠷᠭᠡ ᠨᠤᠮ ᠤᠳ ᠢ ᠲᠤᠭᠤᠷᠪᠢᠵᠦ᠂ ᠨᠠᠶᠢᠷᠠᠭᠤᠯᠵᠦ᠂ | ᠤᠷᠴᠢᠭᠤᠯᠤᠨ ᠬᠡᠪᠯᠡᠬᠦᠯᠪᠡ᠃ ︽ᠰᠢᠳᠤᠷᠭᠤ ᠪᠠᠳᠦ ᠬᠤᠷᠤᠭ᠎ᠠ ᠶᠢ ᠲᠡᠶᠢᠯᠤᠨ ᠤᠩᠰᠢᠬᠤ ᠨᠢ︾ ᠵᠢᠷᠭᠤᠭᠠᠨ | ᠪᠦᠯᠦᠭᠳᠦ ᠲᠧᠯᠸᠢᠰ ᠹᠢᠯᠢᠮ᠂ ︽ᠬᠤᠪᠢᠯᠠᠢ ᠰᠡᠴᠡᠨ ᠬᠠᠭᠠᠨ ᠤ ᠱᠠᠰᠳᠢᠷ︾ ᠭᠤᠴᠢᠨ ᠪᠦᠯᠦᠭᠳᠦ ᠲᠧᠯᠸᠢᠰ ᠹᠢᠯᠢᠮ | ᠢ ᠦᠪᠦᠷ ᠮᠤᠩᠭᠤᠯ ᠤᠨ ᠤᠳᠤᠨ ᠲᠧᠯᠸᠢᠰ ᠤᠨ ︽ᠮᠡᠷᠭᠡᠳ ᠤᠨ ᠴᠢᠭᠤᠯᠭᠠᠨ︾ ᠲᠡᠯᠭᠡᠴᠡ ᠪᠠᠷ ᠨᠡᠪᠳᠡᠷᠡᠭᠦᠯᠵᠦ᠂ | ︽ᠤᠯᠠᠨ ᠰᠦᠮ᠎ᠡ︾ ᠵᠢᠷᠭᠤᠭᠠᠨ ᠪᠦᠯᠦᠭᠳᠦ ᠪᠠᠷᠢᠮᠳᠠᠳᠦ ᠹᠢᠯᠢᠮ ᠢ ᠮᠤᠩᠭᠤᠯ ᠤᠳᠤᠨ ᠲᠧᠯᠸᠢᠰ ᠤᠨ ︽ᠰᠤᠶᠤᠯ | ᠡᠷᠳᠡᠨᠢ︾ ᠲᠡᠯᠭᠡᠴᠡ ᠪᠠᠷ ᠨᠡᠪᠳᠡᠷᠡᠭᠦᠯᠪᠡ᠃ ᠲᠡᠭᠦᠨ ᠤ ᠰᠢᠭᠦᠮᠵᠢ ᠨᠢ ᠦᠪᠦᠷ ᠮᠤᠩᠭᠤᠯ ᠤᠨ ᠦᠪᠡᠷᠳᠡᠭᠡᠨ ᠵᠠᠰᠠᠬᠤ | ᠤᠷᠤᠨ ᠤ ᠤᠳᠬ᠎ᠠ ᠵᠤᠬᠢᠶᠠᠯ ᠤᠨ ᠪᠦᠳᠦᠬᠡᠯᠭᠡ ᠶᠢᠨ ᠭᠤᠷᠪᠠᠳᠤᠭᠠᠷ ᠤᠳᠠᠭᠠᠨ ᠤ ︽ᠰᠤᠯᠤᠩᠭ᠎ᠠ︾ ᠱᠠᠩᠨᠠᠯ ᠢ | ᠬᠦᠷᠳᠡᠵᠦ᠂ ︽ᠮᠤᠩᠭᠤᠯ ᠤᠳᠬ᠎ᠠ ᠵᠤᠬᠢᠶᠠᠯ ᠤᠨ ᠰᠢᠭᠦᠮᠵᠢᠯᠡᠯ︾ ᠲᠡᠭᠦᠪᠦᠷᠢ ᠨᠤᠮ ᠢᠶᠠᠷ ᠢᠶᠠᠨ ᠶᠢᠰᠦᠳᠡᠭᠡᠷ | ᠬᠤᠭᠤᠴᠠᠭᠠᠨ ᠤ ᠪᠦᠬᠦ ᠤᠯᠤᠰ ᠤᠨ ᠴᠦᠬᠡᠨ ᠲᠤᠭᠠᠳᠦ ᠦᠨᠳᠦᠰᠦᠳᠡᠨ ᠤ ᠤᠷᠠᠨ ᠵᠤᠬᠢᠶᠠᠯ ᠤᠨ ︽ᠠᠵᠢᠨᠠᠢ︾ | ᠱᠠᠩᠨᠠᠯ ᠢ ᠬᠦᠷᠳᠡᠵᠡᠢ᠃ | | | | | | | | | | |