ᠦᠨᠳᠦᠷᠯᠢᠭ ᠤᠨ ᠡᠪᠤᠯ ᠡᠷᠲᠡ ᠢᠷᠡᠵᠦ ᠴᠠᠰᠤᠨ ᠳᠤ ᠬᠠᠭᠠᠬᠳᠠᠭᠰᠡᠨ ᠰᠦᠮ᠎ᠡ ᠶᠢᠨ ᠪᠢᠴᠢᠬᠠᠨ ᠲᠦᠷᠪᠡᠯᠵᠢᠨ | ᠬᠦᠷᠢᠶᠡᠨ ᠳᠤ ᠯᠠᠮᠠ᠂ ᠬᠠᠷ᠎ᠡ ᠬᠤᠪᠴᠠᠰᠦ ᠲᠠᠢ ᠬᠡᠳᠤᠨ ᠮᠤᠩᠭᠤᠯᠴᠤᠳ ᠶᠠᠷᠢᠶ᠎ᠡ ᠪᠤᠯᠵᠠᠭᠠᠨᠡ᠃ ︽ᠦᠨᠦ ᠵᠢᠯ ᠤᠨ | ᠴᠠᠰᠦ ᠶᠠᠮᠠᠷ ᠡᠷᠲᠡ ᠤᠷᠤᠴᠢᠬᠠᠪᠡ︖ ᠨᠠᠮᠤᠷ ᠢᠶᠠᠷ ᠢᠩᠭᠢᠵᠦ ᠴᠠᠰᠦ ᠲᠠᠷᠤᠴᠢᠬᠠᠨᠡ ᠭᠡᠲᠡᠭ ᠴᠢᠨᠢ ᠰᠤᠨᠢᠨ᠂ ᠨᠠᠮᠤᠷ | ᠤᠨ ᠠᠭᠤᠷ ᠤᠷᠤᠬᠤᠯᠠᠷ ᠨᠤᠳᠤᠭ ᠵᠦᠭ ᠬᠦᠲᠦᠯᠦᠨ᠎ᠡ ᠬᠡᠰᠡᠨ ᠶᠤᠮ᠂ ᠪᠠᠭᠰᠢ ᠤᠳᠤ ᠴᠦ ᠴᠢᠳᠠᠬᠤ ᠪᠠᠨ ᠪᠠᠶᠢᠯ᠎ᠡ | ᠪᠤᠯᠤᠯᠲᠠᠢ︾᠃ ︽ᠶᠠᠪᠤᠬᠤ ᠪᠡᠯᠡᠳᠭᠡᠯ ᠢ ᠠᠯᠢ ᠬᠡᠳᠦᠶᠢᠨ ᠬᠢᠴᠢᠬᠡᠭᠰᠡᠨ ᠰᠢᠦ᠃ ᠡᠨᠡ ᠲᠠᠩᠭᠤᠳ ᠤᠳ ᠪᠤᠯ ᠬᠢᠳᠤᠭ᠎ᠠ | ᠰᠡᠯᠡᠮ᠎ᠡ ᠲᠠᠢ ᠬᠦᠮᠦᠰ᠂ ᠦᠷᠯᠦᠭᠡ ᠦᠲᠡᠰᠢ ᠦᠭᠡᠢ ᠨᠢᠭᠤᠴᠡ ᠪᠠᠷ ᠬᠡᠲᠡᠵᠦ ᠬᠠᠷᠠᠭᠤᠯᠳᠠᠭᠠᠳ ᠶᠠᠪᠤᠴᠢᠬᠠᠵᠦ ᠪᠤᠯᠬᠤ | ᠪᠤᠯᠤᠮᠵᠢ ᠦᠭᠡᠢ ᠰᠢᠭ ᠪᠠᠶᠢᠨ᠎ᠡ ᠳ᠋ᠠ︾᠃ ︽ᠲᠠᠩᠭᠤᠳ ᠤᠳ ᠬᠢᠳᠤᠭᠠᠨ ᠳᠤ ᠪᠠᠨ ᠰᠦᠷᠡᠭᠡᠢ᠂ ᠤᠷᠲᠦ ᠬᠢᠳᠤᠭ᠎ᠠ ᠪᠠᠨ | ᠰᠤᠭᠤᠯᠤᠮᠠᠬᠴᠡ ᠬᠤᠩᠬᠤᠨ ᠰᠢᠷᠪᠤᠰᠦ ᠠᠴᠠ ᠴᠢᠨᠢ ᠴᠠᠪᠴᠢᠵᠦ ᠰᠦᠭᠦᠷᠡᠭᠦᠯᠦᠭᠡᠳ ᠠᠮᠠᠨ ᠬᠦᠵᠦᠭᠦᠦ ᠪᠠᠷ ᠨᠢ | ᠴᠠᠪᠴᠢᠬᠤ ᠪᠤᠶᠦ ᠨᠤᠭᠤᠰᠤᠯᠠᠳᠠᠭ ᠪᠠᠶᠢᠬᠰᠡᠨ᠃ ᠬᠢᠳᠤᠭᠠᠨ ᠢᠷ ᠨᠢ ᠦᠵᠡᠭᠲᠡᠬᠦ ᠦᠭᠡᠢ ᠲᠡᠶᠢᠮᠦ ᠬᠡᠴᠡᠭᠦᠦ ᠱᠠᠯᠠᠮᠠᠭ | ᠬᠦᠮᠦᠨ ᠪᠠᠶᠢᠳᠠᠭ︾ ᠬᠡᠯᠡ᠃ ︽ᠦᠭᠡᠢ᠂ ᠡᠨᠡ ᠤᠳᠤ ᠴᠤᠬᠤᠮ ᠶᠠᠭᠤ ᠪᠤᠯᠤᠭᠠᠳ ᠭᠠᠪᠵᠦ ᠶᠢ ᠲᠠᠭᠤᠳᠠᠵᠦ | ᠤᠷᠤᠭᠤᠯᠤᠭᠠᠳ ᠡᠭᠦᠲᠡ ᠪᠠᠨ ᠬᠠᠭᠠᠴᠢᠬᠠᠪᠡ︖ ᠵᠠᠭᠦᠨ ᠷᠠᠽᠠᠩ ᠤᠨ ᠪᠠᠨᠳᠢ ᠬᠤᠯᠠᠭᠠᠢ ᠪᠠᠷ ᠱᠠᠭᠠᠶᠢᠬᠤ ᠳᠤ | ᠪᠠᠷᠢᠯᠳᠤᠵᠦ ᠪᠠᠶᠢᠨ᠎ᠡ ᠬᠡᠰᠡᠨ᠃ ᠮᠠᠨ ᠤ ᠪᠠᠭᠰᠢ ᠴᠦ ᠵᠠᠯᠠᠭᠤ ᠳᠠᠭᠠᠨ ᠵᠠᠭᠦᠨ ᠪᠠᠷᠠᠭᠤᠨ ᠬᠦᠯ ᠤᠨ ᠮᠤᠨᠳᠠᠭ ᠵᠢᠪᠬᠤᠭ᠎ᠠ | ᠲᠠᠢ ᠬᠦᠮᠦᠨ ᠪᠠᠶᠢᠯ᠎ᠡ ᠰᠢᠦ︾᠁ | ᠨᠠᠷ᠎ᠡ ᠳᠤ ᠤᠯᠠᠶᠢᠬᠰᠡᠨ ᠨᠠᠮᠤᠷ ᠤᠨ ᠰᠡᠭᠦᠯᠴᠢ ᠶᠢᠨ ᠨᠠᠮᠤᠭᠤᠬᠠᠨ ᠦᠷᠯᠦᠭᠡ᠂ ᠪᠦᠷᠢᠶ᠎ᠡ ᠲᠦᠩ ᠬᠦᠩᠭᠢᠨᠠᠨ᠂ | ᠭᠡᠩᠭᠡᠷᠭᠡ ᠴᠠᠩ ᠬᠠᠩᠭᠢᠨᠠᠵᠦ᠂ ᠡᠪᠤᠳᠦᠭ ᠲᠠᠪᠠᠮᠡ ᠴᠠᠰᠦ ᠶᠢ ᠬᠦᠯᠦᠶᠢᠲᠡᠯᠡ ᠴᠡᠪᠡᠷᠯᠡᠭᠰᠡᠨ ᠴᠤᠭᠴᠢᠨ ᠲᠤᠭᠠᠩ ᠤᠨ | ᠡᠭᠦᠲᠡᠨ ᠲᠠᠯᠠᠪᠦᠷ ᠲᠤ ᠤᠯᠪᠤᠭ ᠰᠠᠭᠤᠳᠡᠯ ᠵᠠᠰᠠᠬᠰᠡᠨ ᠬᠡᠬᠡᠨ ᠬᠤᠸᠠᠷᠠᠭ ᠰᠠᠭᠠᠳᠠᠵᠦ᠂ ᠬᠦᠮᠦᠨ ᠬᠠᠷ᠎ᠡ ᠬᠦᠯ | ᠪᠤᠯᠵᠠᠭᠠᠨᠠᠨ ᠲᠡᠪᠵᠢᠶᠡᠷᠡᠵᠦ ᠪᠠᠶᠢᠯ᠎ᠡ᠃ ᠵᠠᠬ᠎ᠠ ᠶᠢᠨ ᠰᠠᠭᠤᠳᠡᠯ ᠳᠤ ᠰᠤᠳᠤ ᠭᠠᠪᠵᠦ ᠶᠢᠨ ᠪᠠᠭᠰᠢ ᠨᠢ ᠬᠦᠨᠲᠦ ᠪᠤᠳᠤᠯ | ᠲᠠᠢ ᠬᠦᠢᠲᠡᠨ ᠴᠢᠷᠠᠢ ᠲᠠᠢ ᠡᠷᠢᠭᠡ ᠪᠠᠨ ᠰᠢᠪᠳᠤᠷᠴᠦ ᠰᠠᠭᠤᠨ᠎ᠡ᠃ ᠡᠨᠡ ᠡᠳᠤᠷ ᠤᠨ ᠨᠤᠮ ᠤᠨ ᠬᠦᠷᠢᠮ᠂ ᠰᠤᠳᠤᠷ | ᠤᠨ ᠴᠤᠷᠪᠡ ᠬᠠᠶᠠᠯᠴᠠᠬᠤ ᠪᠢᠰᠢ᠂ ᠬᠠᠷᠢᠨ ᠲᠠᠩᠭᠤᠳ ᠤᠨ ᠬᠢᠳᠤᠭᠠᠴᠢ ᠮᠤᠩᠭᠤᠯ ᠤᠨ ᠰᠤᠳᠤ ᠭᠠᠪᠵᠦ ᠤᠯᠠᠩᠭᠠᠰᠤᠨ | ᠲᠤᠯᠬᠤ ᠪᠠᠶᠢᠵᠦ᠂ ᠦᠨᠳᠦᠷ ᠲᠤᠮᠤ ᠪᠡᠶ᠎ᠡ ᠲᠠᠢ᠂ ᠠᠯᠲᠡ ᠤᠷᠲᠦ ᠬᠡᠵᠢᠭᠡ ᠪᠠᠨ ᠲᠠᠪᠤ ᠪᠠᠷ ᠰᠦᠯᠵᠢᠨ ᠲᠤᠯᠤᠭᠠᠢ | ᠳᠠᠭᠠᠨ ᠴᠠᠭᠠᠷᠢᠬᠯᠠᠭᠤᠯᠵᠦ ᠤᠷᠢᠶᠠᠭᠠᠳ᠂ ᠲᠡᠪᠡᠯ ᠢᠶᠠᠨ ᠰᠤᠭᠤᠯᠳᠤᠷᠯᠠᠭᠤᠯᠤᠨ ᠱᠠᠯᠳᠠᠩ ᠬᠡᠩᠭᠡᠲᠡᠭ ᠢᠶᠠᠨ ᠭᠠᠷᠭᠠᠭᠰᠡᠨ | ᠲᠠᠩᠭᠤᠳ ᠤᠨ ᠰᠠᠩᠭᠤᠰ ᠪᠠᠬ᠎ᠠ ᠬᠡᠮᠡᠨ ᠬᠢᠳᠤᠭᠠᠴᠢ ᠲᠤᠬᠤᠶᠢᠪᠤᠷᠲᠦ ᠬᠤᠢ ᠲᠠᠢ ᠬᠢᠳᠤᠭ᠎ᠠ ᠪᠦᠰᠡᠨ ᠳᠤ ᠪᠠᠨ | ᠬᠦᠨᠲᠡᠯᠡᠨ ᠬᠠᠪᠴᠢᠭᠤᠯᠤᠨ ᠡᠪᠡᠷ ᠡᠰᠢ ᠶᠢ ᠨᠢ ᠪᠠᠷᠠᠭᠤᠨ ᠭᠠᠷ ᠢᠶᠠᠷ ᠢᠶᠠᠨ ᠴᠢᠩᠭ᠎ᠠ ᠠᠳᠬᠤᠭᠠᠳ ᠲᠠᠯᠠᠪᠦᠷ ᠤᠨ | ᠲᠤᠮᠳᠠᠭᠤᠷ ᠬᠡᠩᠭᠡᠯᠵᠠᠨ ᠠᠯᠬᠤᠨ᠎ᠡ᠃ ᠰᠤᠳᠤ ᠭᠠᠪᠵᠦ ᠲᠡᠪᠡᠯ ᠤᠨ ᠬᠤᠷᠮᠤᠢ ᠪᠠᠨ ᠪᠦᠰᠡᠨ ᠳᠤ ᠪᠠᠨ | ᠬᠠᠪᠴᠢᠭᠤᠯᠤᠭᠠᠳ ᠤᠷᠤᠭᠰᠢ ᠲᠦᠭᠦᠵᠦ᠂ ᠮᠦᠷᠦ ᠪᠠᠷ ᠢᠶᠠᠨ ᠪᠦᠭᠦᠶᠢᠰᠭᠡᠨ ᠭᠠᠷ ᠢᠶᠠᠨ ᠪᠠᠭ᠎ᠠ ᠲᠡᠯᠭᠡᠵᠦ ᠵᠤᠬᠰᠤᠬᠤ | ᠳᠤ᠂ ᠲᠠᠩᠭᠤᠳ ᠬᠢᠳᠤᠭᠠᠴᠢ ᠨᠠᠷᠢᠨ ᠲᠠᠭᠤ ᠪᠠᠷ ᠴᠢᠷᠠᠯᠠᠨ ᠤᠬᠤᠰᠬᠢᠨ ᠲᠠᠭᠠᠷᠢᠪᠡ᠃ ᠰᠤᠳᠤ ᠭᠠᠪᠵᠦ ᠬᠢᠯᠠᠰᠬᠢᠨ | ᠬᠤᠩᠭᠤ ᠪᠠᠷ ᠨᠢ ᠬᠠᠳᠠᠷᠢᠬᠤ ᠤᠷᠲᠦ ᠬᠢᠳᠤᠭ᠎ᠠ ᠶᠢ ᠮᠤᠩᠭᠤᠯ ᠪᠦᠭᠡ ᠶᠢᠨ ᠵᠤᠬᠤ ᠮᠤᠯᠳᠤᠯᠬᠤ ᠰᠢᠭ᠋ ᠠᠯᠬᠤᠵᠦ | ᠭᠠᠷᠤᠭᠠᠳ ᠴᠡᠭᠡᠵᠢ ᠪᠠᠨ ᠵᠠᠶᠢᠯᠠᠭᠤᠯᠤᠮᠠᠬᠴᠡ ᠤᠷᠤᠭᠰᠢ ᠲᠦᠷᠢᠭᠰᠡᠨ ᠲᠠᠩᠭᠤᠳ ᠬᠢᠳᠤᠭᠠᠴᠢ ᠶᠢᠨ ᠰᠢᠯᠢᠨ | ᠬᠦᠵᠦᠭᠦᠦ ᠤᠷᠤᠭᠤ ᠨᠢ ᠪᠠᠶᠢᠳᠠᠭ ᠬᠦᠴᠦ ᠪᠠᠷ ᠢᠶᠠᠨ ᠠᠯᠠᠭᠠᠳᠠᠵᠦ ᠤᠷᠬᠢᠪᠡ᠃ ᠲᠠᠭᠠᠷᠢᠬᠰᠡᠨ ᠬᠦᠴᠦᠨ ᠳᠠᠭᠠᠨ | ᠠᠯᠠᠭᠠᠳᠠᠭᠤᠯᠵᠦ ᠦᠰᠦᠷᠦᠭᠰᠡᠨ ᠲᠠᠩᠭᠤᠳ ᠬᠢᠳᠤᠭᠠᠴᠢ ᠬᠡᠳᠤᠨ ᠠᠯᠲᠡ ᠵᠠᠶᠢᠳᠠᠢ ᠫᠠᠳ ᠬᠢᠨ ᠲᠦᠷᠦᠬᠦᠯᠡᠬᠦ ᠪᠠᠷ | ᠢᠶᠠᠨ ᠬᠠᠷᠠᠨ ᠤᠶᠢᠴᠢᠬᠤ ᠳᠤ ᠶᠠᠭᠤ ᠪᠤᠯᠤᠭᠰᠡᠨ ᠢ ᠠᠵᠢᠵᠦ ᠠᠮᠵᠢᠭ᠎ᠠ ᠦᠭᠡᠢ ᠰᠠᠷᠡᠵᠦ ᠴᠦ ᠵᠠᠪᠳᠤᠭ᠎ᠠ ᠦᠭᠡᠢ | ᠬᠦᠮᠦᠰ ᠡᠷᠬᠢᠵᠦ ᠬᠠᠷᠠᠬᠤ ᠦᠭᠡᠢ ᠲᠠᠷᠡ ᠴᠢᠭ ᠳᠡᠭᠡᠨ ᠲᠡᠯᠠᠪᠦᠷ ᠠᠴᠠ ᠬᠤᠯᠠ ᠬᠤᠯᠠ ᠠᠯᠬᠤᠨ ᠬᠤᠯᠠᠳᠠᠬᠤ ᠰᠤᠳᠤ | ᠭᠠᠪᠵᠦ ᠶᠢ ᠪᠦᠯᠳᠡᠶᠢᠲᠡᠯᠡ ᠬᠠᠷᠠᠬᠰᠠᠭᠠᠷ ᠬᠤᠴᠤᠷᠤᠯᠡ᠃ ᠬᠡᠵᠢᠶ᠎ᠡ ᠰᠡᠭᠦᠯ ᠳᠤ ᠲᠦᠰᠢᠭᠦᠷ ᠲᠠᠢ ᠰᠠᠭᠤᠳᠡᠯ ᠲᠡᠭᠡᠷ᠎ᠡ | ᠵᠤᠵᠠᠭᠠᠨ ᠤᠯᠪᠤᠭ ᠲᠤ ᠰᠠᠭᠠᠳᠠᠬᠰᠡᠨ ᠬᠡᠪᠰᠢ ᠭᠤᠸᠠᠢ ᠬᠤᠯᠤ ᠲᠠᠢ ᠬᠡᠷᠡᠮ ᠳᠤ ᠨᠢ ᠬᠡᠪᠬᠡ ᠬᠦᠮᠦᠨ ᠢ ᠪᠦᠯᠲᠡᠷᠡᠭᠰᠡᠨ | ᠨᠢᠲᠦ ᠶᠢ ᠤᠯᠵᠦ ᠬᠠᠷᠠᠭᠠᠳ ᠡᠷᠢᠶᠠᠨ ᠮᠠᠷᠢᠶᠠᠨ ᠢᠶᠠᠷ ᠪᠠᠷᠬᠢᠷᠠᠨ ᠮᠠᠭᠤᠵᠢᠷᠠᠵᠦ ᠤᠨᠠᠬᠤ ᠳᠤ᠂ ᠰᠠᠭᠤᠭᠰᠡᠨ | ᠲᠤᠭᠤᠷᠢᠬᠰᠡᠨ ᠬᠦᠮᠦᠰ ᠰᠡᠬᠡᠰᠬᠢᠨ ᠲᠡᠪᠵᠢᠶᠡᠷᠡᠵᠦ᠂ ᠬᠠᠯᠠᠭᠤᠨ ᠲᠤᠰᠤ ᠲᠠᠢ ᠲᠤᠭᠤᠭᠠᠨ ᠳᠤ ᠤᠰᠤ ᠲᠤᠰᠤᠯᠭᠠᠭᠰᠡᠨ | ᠰᠢᠭ ᠪᠤᠵᠠᠭᠠᠨᠠᠯᠳᠤᠪᠡ᠃ | ᠰᠤᠳᠤ ᠭᠠᠪᠵᠦ ᠠᠭᠤᠯᠠ ᠪᠠᠷ ᠢᠶᠠᠨ ᠬᠦᠲᠦᠯ ᠲᠠᠪᠠᠵᠦ ᠤᠷᠢᠳᠴᠢᠯᠠᠨ ᠤᠯᠠᠨ ᠤ ᠲᠡᠪᠵᠢᠶᠠᠨ ᠢᠶᠠᠷ ᠨᠢᠭᠤᠵᠦ | ᠬᠦᠲᠡᠯᠦᠭᠡᠳ ᠬᠤᠩᠬᠤᠷ ᠲᠤ ᠬᠦᠯᠢᠶᠠᠵᠦ ᠪᠠᠶᠢᠬᠰᠡᠨ ᠠᠴᠢᠶ᠎ᠡ ᠬᠦᠰᠭᠡ ᠪᠠᠨ ᠬᠦᠢᠴᠡᠵᠦ ᠤᠴᠢᠭᠠᠳ ᠭᠤᠳᠤᠯ ᠤᠨ | ᠠᠷᠦ ᠨᠢ ᠬᠢᠳᠤᠭᠠᠨ ᠳᠤ ᠵᠦᠰᠦᠭᠲᠡᠨ ᠬᠦᠯ ᠤᠨ ᠬᠢᠨᠢ ᠦᠰᠦᠭᠡᠢ ᠠᠴᠠ ᠨᠢ ᠴᠢᠰᠦ ᠲᠠᠭᠠᠪᠦᠷᠢᠯᠠᠵᠦ ᠪᠠᠶᠢᠬᠤ ᠪᠠᠨ | ᠰᠠᠶ᠋ᠢ ᠮᠡᠲᠡᠪᠡ᠂ ᠲᠡᠭᠡᠭᠡᠳ ᠪᠠᠭᠰᠢ ᠶᠢᠨ ᠢᠶᠠᠨ ︽ᠲᠠᠩᠭᠤᠳ ᠤᠳ ᠪᠢᠲᠡᠨ ᠢ ᠶᠠᠪᠤᠭᠤᠯᠬᠤ ᠦᠭᠡᠢ ᠬᠤᠷᠢᠭᠠᠳ ᠶᠠᠮᠠᠷ | ᠴᠦ ᠬᠤᠤᠷ ᠬᠢᠵᠦ ᠮᠡᠲᠡᠨ᠎ᠡ᠂ ᠮᠦᠳᠲᠦ ᠭᠠᠪᠵᠦ ᠪᠢᠲᠡ ᠬᠤᠶᠠᠷ ᠢ ᠭᠠᠷᠬᠤ ᠪᠠᠷ ᠰᠠᠬᠢᠭᠤᠯ ᠪᠤᠴᠠᠨᠡ᠂ ᠲᠠᠨᠤᠰ ᠪᠠᠰᠡ | ᠰᠡᠮᠡᠭᠡᠨ ᠬᠦᠲᠡᠯᠵᠦ ᠵᠠᠮ ᠳᠠᠭᠠᠨ ᠬᠦᠯᠢᠶᠠᠵᠦ ᠪᠠᠢ᠂ ᠭᠠᠪᠵᠦ ᠴᠦ ᠨᠢᠭᠡ ᠪᠠᠨ ᠦᠵᠡᠭᠡᠳ ᠤᠴᠢᠬᠤ ᠶᠤᠮ᠂ ᠴᠤᠭ ᠢᠶᠠᠷ | ᠴᠠᠭᠠᠰᠢ ᠬᠦᠲᠡᠯ᠂ ᠪᠢ ᠬᠠᠷᠢᠬᠤ ᠡᠳᠤᠷ ᠪᠠᠶᠢᠬᠤ ᠶᠤᠮ ᠡ︾ ᠬᠡᠰᠡᠨ ᠵᠠᠬᠢᠶ᠎ᠡ ᠪᠠᠷ ᠨᠤᠳᠤᠭ ᠵᠦᠭ ᠲᠡᠭᠡᠨ ᠪᠤᠴᠠᠵᠠᠭᠠᠯᠡ᠃ | | |