ᠭᠠ᠊᠂ ᠭᠠᠩᠳᠠᠮᠦ᠋ᠷ | | ᠲᠠᠷᠬᠠᠨ ᠪᠠᠶᠢᠯ᠎ᠡ ᠶᠢᠨ ᠬᠤᠰᠢᠭᠤᠨ ᠤᠨ ᠬᠢᠷ᠎ᠡ ᠰᠤᠮᠤᠨ ᠳᠤ ᠰᠤᠳᠤ ᠭᠠᠪᠵᠦ ᠬᠡᠮᠡᠬᠦ ᠨᠢᠭᠡ ᠬᠦᠮᠦᠨ ᠪᠠᠶᠢᠵᠠᠢ᠃ | ᠨᠠᠰᠤᠳᠠᠶᠢᠴᠤᠳ ᠤᠨ ᠶᠠᠷᠢᠶᠠᠨ ᠠᠴᠠ ᠪᠠᠷᠤᠬᠴᠠᠭᠠᠯᠠᠬᠤ ᠪᠠᠷ 1900 ᠤᠨ ᠤ ᠡᠮᠦᠨ᠎ᠡ ᠬᠤᠶᠢᠨ᠎ᠡ ᠲᠠᠯ᠎ᠠ ᠭᠠᠷᠤᠢ | ᠨᠠᠰᠦ ᠲᠠᠢ᠂ ᠦᠷᠭᠡᠨ ᠴᠡᠭᠡᠵᠢ ᠲᠠᠢ᠂ ᠦᠨᠳᠦᠷ ᠡᠴᠡᠩᠭᠡᠷ᠂ ᠬᠦᠷᠡᠩ ᠲᠡᠷᠯᠢᠭ ᠲᠠᠢ ᠡᠪᠦᠭᠡᠨ ᠪᠠᠶᠢᠬᠰᠡᠨ ᠬᠡᠲᠡᠭ᠃ | ᠰᠤᠳᠤ ᠭᠠᠪᠵᠦ ᠭᠤᠸᠠᠢ ᠶᠢ ᠬᠦᠮᠦᠨ ᠪᠤᠯᠵᠦ ᠲᠦᠷᠦᠭᠡᠳ ᠬᠦᠯ ᠤᠷᠤᠭ᠎ᠠ ᠦᠭᠡᠢ ᠪᠠᠶᠢᠬᠤ ᠳᠤ ᠨᠢ ᠡᠲᠡᠨ ᠤ ᠳᠤ | ᠨᠢᠭᠡ ᠠᠶᠢᠯ ᠤᠨ ᠬᠦᠮᠦᠨ ᠢᠷᠡᠵᠦ ᠭᠡᠨ᠎ᠡ᠃ ᠢᠩᠭᠢᠭᠡᠳ ᠮᠦᠯᠭᠦᠵᠦ ᠪᠠᠶᠢᠭ᠎ᠠ ᠬᠡᠦᠭᠡᠳ ᠢᠶᠠᠨ ᠰᠤᠷ ᠨᠤᠬᠲᠦ ᠪᠠᠷ | ᠬᠠᠨ᠎ᠡ ᠠᠴᠠ ᠪᠠᠨ ᠤᠶᠠᠬᠰᠡᠨ ᠪᠠᠶᠢᠬᠤ ᠶᠢ ᠨᠢ ᠰᠤᠨᠢᠷᠬᠠᠨ ᠠᠵᠢᠬᠯᠠᠵᠦ᠂ ᠴᠠᠢ ᠤᠤᠭᠤᠵᠦ ᠰᠠᠭᠤᠬᠤ ᠵᠠᠭᠤᠷ᠎ᠡ | ᠤᠶᠠᠭ᠎ᠠ ᠲᠠᠢ ᠬᠡᠦᠭᠡᠳ ︵ᠰᠤᠳᠤ ᠭᠠᠪᠵᠦ︶ ᠡᠷᠢᠯᠴᠢᠨ ᠤ ᠠᠶᠠᠭ᠎ᠠ ᠤᠷᠤᠭᠤ ᠬᠦᠴᠦᠯᠡᠨ ᠵᠢᠳᠭᠦᠬᠦ ᠳᠤ ᠬᠠᠨ᠎ᠡ ᠶᠢᠨ | ᠦᠲᠡᠭᠡᠷᠢ ᠲᠡᠰ ᠲᠡᠰᠬᠢᠨ ᠲᠠᠯᠪᠢᠬᠳᠠᠵᠦ ᠪᠠᠶᠢᠵᠠᠢ᠃ ᠡᠭᠦᠨ ᠢ ᠬᠠᠷᠠᠭᠰᠡᠨ ᠡᠷᠢᠯᠴᠢᠨ ᠰᠤᠴᠢᠬᠤ ᠭᠠᠶᠢᠬᠠᠬᠤ | ᠲᠡᠪᠬᠤᠴᠡᠨ ᠬᠡᠰᠡᠭ ᠮᠡᠯᠡᠷᠡᠵᠦ ᠰᠠᠭᠤᠬᠰᠡᠨ ᠢᠶᠠᠨ᠄ ︽ᠪᠢ ᠦᠷ᠎ᠡ ᠬᠡᠦᠭᠡᠳ ᠦᠭᠡᠢ ᠬᠦᠮᠦᠨ ᠶᠤᠮ᠂ ᠬᠦᠦ ᠶᠢ ᠴᠢᠨᠢ | ᠦᠷᠡᠴᠢᠯᠡᠵᠦ ᠠᠪᠤᠶᠡ︕︾ ᠬᠡᠵᠡᠢ᠃ ᠬᠠᠷ᠎ᠡ ᠬᠦᠮᠦᠨ ᠪᠠᠶᠢᠬᠤ ᠮᠠᠶ᠋ᠢᠭ ᠦᠭᠡᠢ᠂ ᠬᠡᠲᠡᠰᠦᠨ ᠳᠤ ᠪᠠᠶᠢᠬᠤ ᠳᠤ ᠪᠠᠨ | ᠲᠡᠭᠡᠰᠦᠨ ᠲᠠᠯᠠᠢ ᠲᠡᠰᠭᠡᠬᠦ ᠦᠭᠡᠢ ᠲᠡᠰᠦ ᠲᠠᠶᠢᠷᠤᠭᠡᠳ ᠪᠠᠶᠢᠬᠤ ᠪᠠᠷ ᠨᠢ ᠰᠤᠷ ᠪᠦᠰᠡᠯᠡᠵᠦ ᠪᠠᠶᠢᠭᠠᠳ ᠲᠡᠰᠦ ᠶᠠᠳᠠᠨ | ᠠᠷᠪᠠᠨ ᠰᠡᠷ᠎ᠡ ᠲᠦᠭᠦᠷᠭᠡᠭᠡᠳ ᠠᠮᠢᠳᠦ ᠮᠡᠨᠲᠦ ᠲᠦᠷᠦᠭᠰᠡᠨ ᠶᠤᠮ︾ ᠭᠡᠵᠡᠢ᠃ | ᠡᠷᠢᠯᠴᠢᠨ ᠠᠶᠢᠯ ᠠᠴᠠ ᠮᠤᠷᠳᠠᠭᠠᠳ ᠭᠠᠶᠢᠬᠠᠭᠰᠡᠨ ᠬᠠᠴᠢᠷᠬᠠᠭᠰᠡᠨ ᠢᠶᠠᠨ ᠠᠭᠤᠯᠵᠠᠬᠤ ᠠᠴᠠ ᠬᠦᠮᠦᠨ᠂ | ᠤᠷᠭᠤᠭ᠎ᠠ ᠠᠴᠠ ᠮᠤᠳᠤᠨ ᠳᠤ ᠬᠦᠷᠲᠡᠯ᠎ᠡ ᠶᠠᠷᠢᠵᠦ ᠰᠤᠨᠢᠭᠤᠴᠢᠯᠠᠵᠦ ᠬᠡᠯᠡᠵᠦ ᠲᠡᠷᠬᠠᠭᠠᠭᠰᠡᠨ ᠬᠡᠨ᠎ᠡ᠂ ᠡᠶᠢᠨᠬᠦ ᠲᠤᠰ | ᠬᠦᠪᠡᠭᠦᠨ ᠢ ᠲᠠᠪᠤᠨ ᠨᠠᠰᠦ ᠲᠠᠢ ᠨᠢ ᠨᠢᠭᠡᠨ ᠬᠡᠷᠭᠡᠮᠲᠦ ᠯᠠᠮᠠ ᠲᠦᠷᠪᠠᠨ ᠬᠦᠴᠦᠲᠡᠨ ᠤ ︿ᠮᠠᠬᠠᠷᠠᠨᠽᠠ﹀ ᠶᠢᠨ ᠪᠦᠷᠢᠯᠸ᠎ᠠ | ᠬᠡᠮᠡᠨ ᠱᠠᠪᠢᠯᠡᠨ ᠠᠪᠴᠦ ︽ᠰᠤᠳᠤ︾ ᠨᠠᠷ᠎ᠡ ᠬᠠᠶᠢᠷᠠᠯᠠᠨ᠂ ︽ᠭᠠᠪᠵᠦ︾ ᠴᠤᠯᠠ ᠳᠤ ᠬᠦᠷᠭᠡᠵᠠᠢ᠃ ᠤᠳᠤ ᠪᠤᠯᠳᠠᠯ᠎ᠡ | ᠰᠤᠳᠤ ᠭᠠᠪᠵᠦ ᠶᠢᠨ ᠲᠤᠬᠠᠢ ᠮᠠᠰᠢ ᠤᠯᠠᠨ ᠦᠯᠢᠭᠡᠷ ᠲᠤᠮᠤᠭ ᠲᠠᠷᠬᠠᠨ ᠮᠤᠤᠮᠢᠩᠭᠠᠨ ᠤ ᠠᠷᠡᠳ ᠤᠯᠠᠨ ᠤ ᠲᠤᠮᠲᠡ | ᠠᠮᠠ ᠲᠠᠮᠵᠢᠨ ᠶᠠᠷᠢᠬᠳᠠᠳᠠᠭ ᠪᠢᠯᠡ᠃ | ᠲᠠᠩᠭᠤᠳ ᠪᠠᠨᠲᠢ ᠲᠠᠢ ᠲᠡᠷ ᠢᠶᠠᠨ ᠰᠢᠯᠭᠠᠭᠰᠡᠨ ᠨᠢ | ᠰᠤᠳᠤ ᠭᠠᠪᠵᠦ ᠶᠢ ᠵᠠᠯᠠᠭᠤᠬᠠᠨ ᠪᠠᠨᠲᠢ ᠪᠠᠶᠢᠬᠤ ᠶᠢ ᠨᠢ ᠪᠠᠭᠰᠢ ᠨᠢ ᠲᠠᠭᠠᠭᠤᠯᠤᠨ ᠪᠠᠷᠠᠭᠤᠨ ᠭᠠᠵᠠᠷ | ᠶᠠᠪᠤᠵᠠᠢ᠃ ᠬᠦᠮᠪᠦᠮ᠂ ᠯᠠᠪᠷᠠᠩ ᠢᠶᠠᠷ ᠲᠡᠮᠵᠢᠨ ᠮᠦᠩᠭᠡ ᠵᠤᠤ ᠳᠤ ᠬᠦᠷᠴᠦ᠂ ᠪᠠᠭᠰᠢ ᠨᠢ ᠭᠤᠷᠪᠠᠨ ᠤᠨ ᠤ ᠨᠤᠮ | ᠲᠠᠷᠨᠢ ᠪᠦᠲᠦᠭᠡᠬᠦ ᠤᠴᠢᠷ ᠲᠠᠢ ᠪᠠᠶᠢᠬᠰᠡᠨ ᠰᠠᠨᠵᠠᠢ᠃ ᠰᠤᠳᠤ ᠭᠠᠪᠵᠦ ᠪᠠᠭᠰᠢ ᠶᠢᠨ ᠢᠶᠠᠨ ᠡᠮᠦᠨ᠎ᠡ ᠬᠤᠶᠢᠨ᠎ᠡ | ᠵᠠᠷᠤᠭᠳᠠᠨ ᠭᠠᠯ ᠲᠤᠭᠤᠭᠠᠨ ᠳᠤ ᠨᠢ ᠬᠠᠮᠵᠢᠯᠴᠠᠳᠠᠭ ᠬᠡᠨ᠎ᠡ᠃ ᠮᠦᠨ ᠵᠠᠪ ᠴᠢᠯᠦᠭᠡ ᠪᠠᠷ ᠢᠶᠠᠨ ᠨᠤᠮ ᠬᠤᠷᠠᠬᠤ ᠳᠤ | ᠤᠷᠤᠯᠴᠠᠳᠠᠭ ᠪᠠᠶᠢᠵᠠᠢ᠃ ᠪᠠᠭᠰᠢ ᠨᠢ ᠦᠷᠭᠦᠯᠵᠢ᠄ ︽ᠵᠠ᠂ ᠡᠨᠡ ᠭᠠᠵᠠᠷ ᠢ ᠪᠤᠷᠬᠠᠨ ᠤ ᠤᠷᠤᠨ᠂ ᠨᠤᠮ ᠤᠨ ᠬᠦᠷᠦᠨ | ᠭᠡᠲᠡᠭ ᠪᠤᠯᠪᠠᠴᠦ ᠭᠡᠴᠡᠭᠦᠦ ᠶᠠᠭᠤᠮ᠎ᠡ ᠪᠤᠯᠠᠢ ᠶᠠᠪᠤᠳᠡᠯ ᠠᠷᠪᠢᠨ ᠪᠠᠶᠢᠳᠠᠭ ᠶᠤᠮ᠂ ᠤᠯᠠᠨ ᠢᠶᠠᠷ ᠢᠶᠠᠨ ᠢᠯᠡᠭᠦᠦ | ᠬᠢᠴᠢᠶᠡᠵᠦ ᠪᠠᠶᠢᠭᠠᠷᠠᠢ︕ ᠨᠡᠩ ᠰᠤᠳᠤ ᠴᠢ ᠢᠯᠡᠭᠦᠦ ᠠᠩᠬᠠᠷ᠂ ᠬᠠᠮᠤᠭ ᠮᠤᠶᠢᠬᠤᠷ ᠨᠢ ᠴᠢ ᠪᠠᠶᠢᠭ᠎ᠠ᠂ ᠲᠠᠩᠭᠤᠳ | ᠤᠳ ᠲᠠᠢ ᠪᠢᠲᠡᠭᠦᠦ ᠬᠠᠪᠢᠷᠠᠯᠲᠦ︕︾ ᠬᠡᠮᠡᠨ ᠦᠭᠦᠯᠡᠲᠡᠭ ᠬᠡᠨ᠎ᠡ᠃ ᠭᠠᠯ ᠠᠴᠠ ᠰᠢᠭᠦᠷᠡᠵᠦ ᠴᠤᠭ ᠠᠴᠠ ᠠᠳᠬᠤᠮᠠᠷ | ᠵᠠᠯᠠᠭᠤ ᠤᠮᠤᠬᠯᠠᠩ ᠨᠠᠰᠤᠨ ᠤ ᠰᠤᠳᠤ ᠭᠠᠪᠵᠦ ᠡᠭᠦᠨ ᠢ ᠰᠠᠨᠠᠭᠠᠨ ᠳᠠᠭᠠᠨ ᠠᠪᠬᠤ ᠤᠴᠢᠷ ᠦᠭᠡᠢ ᠪᠠᠶᠢᠵᠠᠢ᠃ | ᠨᠢᠭᠡᠨ ᠡᠳᠤᠷ ᠨᠤᠮ ᠤᠨ ᠬᠤᠷᠡᠯ ᠲᠠᠷᠬᠠᠭᠠᠳ ᠬᠤᠵᠢᠭᠤᠬᠠᠨ ᠭᠠᠷᠤᠭᠰᠡᠨ ᠰᠤᠳᠤ ᠭᠠᠪᠵᠦ ᠡᠷᠬᠢᠨ ᠬᠠᠷᠠᠬᠤ | ᠳᠤ ᠬᠡᠲᠦ ᠬᠡᠲᠦᠭᠦᠯᠡ ᠪᠦᠯᠦᠭᠯᠡᠨ ᠰᠠᠭᠤᠭᠰᠡᠨ ᠵᠠᠯᠠᠭᠤ ᠯᠠᠮᠠ ᠪᠦᠲᠦᠭᠦᠨ ᠪᠠᠨᠲᠢ ᠨᠠᠷ᠂ ᠭᠤᠩᠰᠢ ᠭᠤᠨᠢᠷ ᠬᠡᠪᠭᠦᠢ | ᠬᠡᠯᠦᠩ ᠵᠡᠷᠭᠡ ᠲᠤᠮᠤᠴᠤᠤᠯ ᠤᠨ ᠢᠶᠠᠨ ᠨᠢᠲᠦ ᠶᠢ ᠬᠠᠷᠢᠭᠤᠯᠵᠦ ᠪᠠᠶᠢᠭᠠᠳ ᠨᠢᠳᠤᠷᠭ᠎ᠠ ᠪᠠᠨ ᠵᠠᠩᠭᠢᠳᠦᠨ ᠬᠦᠰᠡᠷ | ᠰᠢᠭᠠᠭᠠᠳ ᠮᠦᠨ ᠨᠢᠳᠤᠷᠭ᠎ᠠ ᠪᠠᠨ ᠮᠠᠩᠨᠠᠢ ᠳᠠᠭᠠᠨ ᠬᠦᠷᠭᠡᠭᠡᠳ᠂ ᠲᠠᠬᠢᠨ ᠪᠤᠰᠤᠳ ᠤᠨ ᠦᠭᠡᠲᠡ ᠠᠴᠠ ᠲᠠᠯᠠᠶᠢᠬᠤ | ᠳᠤ ᠨᠦᠭᠦᠭᠡ ᠨᠢ ᠵᠠᠩᠴᠢ ᠪᠠᠨ ᠲᠤᠯᠤᠭᠠᠢ ᠲᠡᠭᠡᠭᠦᠷ ᠢᠶᠠᠨ ᠨᠦᠮᠦᠷᠡᠨ ᠬᠡᠯ᠎ᠠ ᠪᠠᠨ ᠭᠠᠷᠭᠠᠨ ᠪᠦᠭᠦᠶᠢᠬᠦ ᠶᠢ ᠭᠠᠶᠢᠬᠠᠵᠦ | ᠪᠠᠶᠢᠬᠰᠡᠨ ᠢᠶᠠᠨ ᠦᠪᠡᠷ ᠤᠨ ᠬᠢᠨᠢ ᠦᠭᠡᠲᠡ ᠠᠴᠠ ᠲᠠᠯᠠᠶᠢᠬᠤ ᠪᠠᠷ ᠨᠢ ᠡᠭᠳᠡᠭᠦᠴᠡᠵᠦ᠄ ︽ᠶᠠᠭᠠᠬᠢᠳᠠᠭ ᠶᠤᠮ ᠪᠤᠯ︖ | ᠶᠠᠭᠠᠬᠢᠬᠤ ᠶᠢ ᠨᠢ ᠦᠵᠡᠶ᠎ᠡ︾ ᠭᠡᠰᠡᠨ ᠰᠤᠳᠤ ᠭᠠᠪᠵᠦ ᠦᠭᠡᠲᠡ ᠠᠴᠠ ᠨᠢ ᠠᠳᠠᠯᠢ ᠶᠤᠰᠤ ᠪᠠᠷ ᠨᠢᠳᠤᠷᠭ᠎ᠠ ᠪᠠᠨ | ᠵᠠᠩᠭᠢᠳᠦᠨ ᠭᠠᠵᠠᠷ ᠰᠢᠭᠠᠵᠦ᠂ ᠮᠠᠩᠨᠠᠢ ᠳᠠᠭᠠᠨ ᠲᠤᠯᠭᠠᠭᠰᠡᠨ ᠢᠶᠠᠨ ᠲᠠᠯᠠᠶᠢᠭᠠᠳ ᠭᠠᠷᠴᠦ ᠶᠠᠪᠤᠵᠠᠢ᠃ ᠬᠡᠨᠡᠳᠲᠡ ᠠᠷᠦ | ᠳᠤ ᠨᠢ ᠤᠯᠠᠨ ᠬᠦᠮᠦᠨ ᠤ ᠬᠦᠯ ᠤᠨ ᠴᠢᠮᠡᠭᠡ ᠭᠠᠷᠬᠤ ᠪᠠᠷ ᠡᠷᠬᠢᠵᠦ ᠬᠠᠷᠠᠬᠤ ᠳᠤ ᠮᠤᠳᠤ ᠰᠢᠳᠠᠮ ᠪᠠᠷᠢᠬᠰᠡᠨ ᠬᠤᠷᠢ | ᠭᠤᠴᠢᠨ ᠬᠦᠮᠦᠨ ᠬᠦᠭᠡᠭᠡᠵᠦ ᠢᠷᠡᠵᠦ ᠪᠠᠶᠢᠵᠠᠢ᠃ ᠦᠨᠦ ᠲᠤᠬᠢᠶ᠎ᠡ ᠨᠢ ︽ᠡᠷ᠎ᠡ ᠪᠠᠨ ᠦᠵᠡᠯᠴᠡᠶ᠎ᠡ᠂ ᠨᠢᠭᠡ ᠪᠠᠨ | ᠰᠢᠯᠭᠠᠯᠴᠠᠶᠡ︕︾ ᠬᠡᠰᠡᠨ ᠦᠭᠡ ᠪᠠᠶᠢᠵᠦ᠂ ᠬᠡᠯ᠎ᠠ ᠪᠠᠨ ᠭᠠᠷᠭᠠᠨ ᠵᠠᠩᠴᠢ ᠪᠠᠨ ᠲᠤᠯᠤᠭᠠᠢ ᠲᠡᠭᠡᠭᠦᠷ ᠢᠶᠠᠨ ᠨᠦᠮᠦᠷᠦᠨ | ᠪᠦᠭᠦᠶᠢᠭᠦ ᠨᠢ ᠮᠦᠯᠭᠦᠵᠦ ᠦᠭᠴᠦ ᠪᠠᠶᠢᠭ᠎ᠠ ᠶᠠᠪᠤᠳᠡᠯ ᠪᠠᠶᠢᠬᠰᠡᠨ ᠢ ᠤᠶᠢᠯᠠᠭᠠᠭᠰᠡᠨ ᠦᠭᠡᠢ ᠠᠴᠠ ᠤᠴᠢᠷ | ᠪᠢᠰᠢᠳᠡᠭᠰᠡᠨ ᠰᠤᠳᠤ ᠭᠠᠪᠵᠦ ᠰᠠᠨᠳᠤᠷᠬᠤ ᠶᠢᠨ ᠡᠷᠭᠡ ᠪᠠᠷ ᠰᠠᠶ᠋ᠢᠬᠠᠨ ᠢᠷᠡᠭᠡᠳ ᠭᠠᠵᠠᠷ ᠮᠡᠲᠡᠬᠦ ᠦᠭᠡᠢ᠂ ᠵᠠᠮ | ᠲᠠᠨᠢᠬᠤ ᠦᠭᠡᠢ ᠰᠦᠮ᠎ᠡ ᠶᠢᠨ ᠭᠤᠳᠤᠮᠵᠢ ᠪᠠᠷ ᠦᠭᠡᠲᠡ ᠠᠴᠠ ᠨᠢ ᠰᠢᠳᠡᠯᠡᠬᠦ ᠮᠤᠳᠤ ᠴᠢᠯᠠᠭᠤ ᠠᠴᠠ ᠵᠠᠶᠢᠯᠠᠨ | ᠵᠠᠶᠢᠮᠦᠴᠢᠵᠦ᠂ ᠲᠡᠭᠡᠷ᠎ᠡ ᠲᠡᠭᠡᠷ᠎ᠡ ᠦᠰᠦᠷᠬᠢᠯᠠᠨ ᠲᠤᠳᠠᠭᠠᠵᠠᠢ᠃ ᠦᠰᠦᠷᠬᠢᠯᠡᠵᠦ ᠶᠠᠪᠤᠳᠡᠯᠡ ᠮᠤᠬᠤᠷ ᠭᠤᠳᠤᠮᠵᠢ | ᠲᠠᠭᠠᠷᠠᠭᠠᠳ ᠲᠤᠳᠠᠭᠠᠬᠤ ᠵᠠᠮ ᠦᠭᠡᠢ ᠪᠤᠯᠬᠤ ᠳᠠᠭᠠᠨ ᠤᠯᠠᠩᠭᠠᠰᠤᠭᠰᠡᠨ ᠦᠭᠡᠷ ᠰᠢᠭ ᠪᠤᠴᠠᠨ ᠲᠠᠭᠠᠷᠢᠵᠦ ᠭᠠᠷ ᠲᠤ | ᠪᠠᠷᠢᠬᠳᠠᠭᠰᠡᠨ ᠨᠢᠭᠡᠨ ᠢ ᠨᠢ ᠠᠳᠬᠤᠵᠦ ᠠᠪᠤᠭᠠᠳ ᠲᠦᠭᠦᠷᠡᠳᠠᠵᠦ᠂ ᠪᠤᠰᠤᠳ ᠢ ᠨᠢ ᠴᠤᠬᠢᠯᠬᠢᠯᠠᠨ ᠵᠠᠮ ᠨᠡᠭᠡᠭᠡᠨ | ᠭᠠᠷᠴᠠᠢ᠃ ᠴᠤᠬᠢᠬᠳᠠᠭᠰᠡᠨ ᠨᠢᠭᠡ ᠨᠢ ᠰᠢᠷᠬᠠᠳᠠᠨ᠂ ᠴᠤᠬᠢᠬᠳᠠᠭᠠ ᠦᠭᠡᠢ ᠨᠢᠭᠡ ᠨᠢ ᠵᠤᠬᠰᠤᠨ ᠤᠯᠠᠨ ᠬᠦᠮᠦᠨ | ᠮᠡᠭᠡᠷᠡᠵᠦ ᠬᠤᠴᠤᠷᠤᠭᠰᠡᠨ ᠬᠡᠨ᠎ᠡ᠃ ᠲᠡᠭᠦᠨ ᠠᠴᠠ ᠬᠤᠶᠢᠰᠢ ᠰᠤᠳᠤ ᠭᠠᠪᠵᠦ ᠭᠤᠸᠠᠢ ᠲᠠᠢ ᠲᠠᠭᠠᠷᠠᠯᠳᠤᠬᠤ ᠪᠤᠯᠭᠠᠨ | ᠵᠠᠮ ᠤᠨ ᠬᠠᠵᠠᠭᠤ ᠳᠤ ᠵᠠᠩᠴᠢ ᠪᠠᠨ ᠲᠤᠯᠤᠭᠠᠢ ᠲᠡᠭᠡᠭᠦᠷ ᠢᠶᠠᠨ ᠨᠦᠮᠦᠷᠦᠨ ᠮᠡᠭᠦᠶᠢᠨ ᠵᠤᠬᠰᠤᠳᠠᠭ ᠪᠤᠯᠵᠦ ᠬᠡᠨ᠎ᠡ᠃ | | ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ |