ᠭᠠ᠊᠂ ᠭᠠᠩᠳᠠᠮᠦ᠋ᠷ | | ᠠᠭᠤᠯᠠ ᠶᠢᠨ ᠡᠵᠡᠨ ᠢ ᠨᠤᠮᠠᠳᠬᠠᠭᠰᠡᠨ ᠨᠢ | ᠶᠠᠪᠤᠳᠡᠯ ᠢᠩᠭᠢᠭᠡᠳ ᠲᠠᠭᠤᠰᠳᠠᠭ ᠦᠭᠡᠢ ᠶᠤᠮ ᠪᠠᠶᠢᠨ᠎ᠡ᠂ ᠪᠠᠭᠰᠢ ᠳᠠᠭᠠᠨ ᠵᠢᠮᠡᠯᠡᠭᠦᠯᠵᠦ ᠬᠡᠪᠡᠭᠡᠢ ᠳᠤ | ᠭᠤᠶᠠᠳᠠᠭᠤᠯᠤᠭᠰᠡᠨ ᠰᠤᠳᠤ ᠭᠠᠪᠵᠦ ᠶᠢ ᠨᠠᠯᠢᠶᠠᠳ ᠬᠤᠨᠤᠭ ᠤᠨ ᠲᠠᠷᠠᠭ᠎ᠠ ᠦᠨᠦᠬᠢ ᠬᠦᠮᠦᠰ ᠡᠷᠢᠵᠦ ᠢᠷᠡᠭᠡᠳ | ᠲᠤᠭᠠᠩ ᠤᠨ ᠴᠢᠨᠢ ᠭᠤᠨᠠᠷ ᠲᠠᠭᠤᠳᠠᠵᠦ ᠪᠠᠶᠢᠨ᠎ᠡ ᠬᠡᠰᠡᠨ ᠶᠤᠮ ᠬᠡᠨ᠎ᠡ᠃ ᠬᠦᠷᠦᠭᠡᠳ ᠤᠴᠢᠬᠤᠯᠠᠷ᠂ ᠡᠪᠤᠯ | ᠤᠶᠢᠷᠡᠳᠤᠯᠡ ᠲᠦᠯᠡᠰᠢ ᠬᠤᠪᠤᠷᠲᠡᠯᠡ᠂ ᠵᠡᠭᠦᠨ ᠠᠭᠤᠯᠠᠨ ᠳᠤ ᠬᠦᠷᠴᠦ ᠢᠯᠡᠭᠦᠭᠡᠨ ᠮᠤᠳᠤ ᠲᠦᠯᠡᠭᠡ ᠲᠡᠭᠦᠭᠡᠳ ᠢᠷ᠎ᠡ | ᠬᠡᠵᠠᠢ᠃ ᠪᠠᠭᠰᠢ ᠳᠤ ᠪᠠᠨ ᠤᠴᠢᠭᠠᠳ ᠬᠡᠯᠡᠭᠦᠯᠡᠷ᠂ ᠪᠠᠭᠰᠢ ᠨᠢ ᠵᠠᠭᠦᠨ ᠠᠭᠤᠯᠠ ᠶᠢ ᠡᠵᠡᠳᠭᠡᠭᠰᠡᠨ ᠭᠡᠲᠡᠭ᠂ ᠬᠦᠮᠦᠨ | ᠠᠮᠢᠳᠡᠨ ᠭᠠᠷᠭᠠᠳᠠᠭ ᠦᠭᠡᠢ ᠶᠤᠮ᠂ ᠪᠤᠷᠤᠭᠤ ᠠᠶᠢᠯᠠᠳᠪᠡᠦ ᠪᠤᠷᠤᠭᠤ ᠰᠤᠨᠤᠰᠪᠡᠦ︖ ᠪᠠᠷᠠᠭᠤᠨ ᠠᠭᠤᠯᠠᠨ ᠳᠤ | ᠭᠠᠷᠴᠦ ᠲᠦᠯᠡᠭᠡ ᠲᠡᠭᠦᠭᠡᠳ ᠢᠷ᠎ᠡ ᠭᠡᠳ ᠨᠢᠭᠡ ᠯᠡ ᠶᠡᠭᠡ ᠪᠤᠳᠤᠯᠭᠠᠰᠢᠷᠠᠵᠦ ᠬᠡᠨ᠎ᠡ᠃ ᠲᠠᠷᠠᠭ᠎ᠠ ᠦᠷᠯᠦᠭᠡ ᠨᠢ ᠨᠢᠭᠡᠨ | ᠪᠠᠨᠳᠢ ᠬᠦᠶᠦᠵᠦ ᠢᠷᠡᠭᠡᠳ ᠵᠠᠮ ᠵᠢᠭᠠᠵᠦ ᠦᠭᠭᠦᠶ᠎ᠡ ᠬᠡᠮᠡᠨ ᠡᠮᠦᠨ᠎ᠡ ᠨᠢ ᠱᠤᠬᠰᠢᠨ᠂ ᠦᠯᠦᠨ ᠭᠡᠲᠡᠰᠦ ᠰᠢᠭ᠋ ᠨᠠᠷᠢᠨ | ᠭᠤᠳᠤᠮᠵᠢ ᠪᠠᠷ ᠮᠤᠰᠬᠢᠨ ᠵᠠᠭᠦᠨ ᠠᠭᠤᠯᠠᠨ ᠳᠤ ᠭᠠᠷᠬᠤ ᠴᠤᠪᠤᠭ᠎ᠠ ᠳᠤ ᠤᠷᠤᠭᠤᠯᠵᠦ ᠦᠭᠴᠠᠢ᠃ | ᠨᠠᠷᠢᠨ ᠵᠦᠷᠢᠭ ᠢ ᠦᠭᠰᠦᠨ ᠶᠠᠪᠤᠬᠤ ᠳᠤ ᠲᠡᠮᠡᠢ ᠬᠡᠲᠦ ᠠᠯᠬᠤᠯ ᠦᠭᠡᠢ ᠦᠯᠦᠩ ᠡᠪᠡᠰᠦ ᠬᠦᠯ ᠤᠷᠢᠶᠠᠨ | ᠪᠤᠳᠠ ᠪᠤᠳᠠᠷᠭᠠᠨᠡ ᠵᠡᠯᠡᠯᠡᠨ ᠰᠦᠯᠵᠢᠵᠦ᠂ ᠵᠢᠷᠦᠭᠡ ᠪᠠᠯᠠᠷᠳᠠᠭᠠᠳ ᠬᠦᠮᠦᠨ ᠠᠮᠢᠳᠡᠨ ᠤ ᠬᠦᠯ ᠮᠦᠷ ᠬᠦᠷᠦᠭᠡ ᠦᠭᠡᠢ | ᠤᠳᠠᠭᠰᠡᠨ ᠨᠢ ᠢᠯᠡᠭᠡᠨ ᠪᠠᠶᠢᠯ᠎ᠡ᠃ ᠰᠤᠳᠤ ᠭᠠᠪᠵᠦ᠄ ︽ᠡᠨᠡ ᠴᠦ ᠪᠤᠯᠬᠤ ᠵᠦᠭ ᠲᠤ ᠬᠦᠲᠦᠯᠦᠭᠰᠡᠨ ᠪᠢᠰᠢ ᠶᠤᠮ | ᠪᠠᠶᠢᠨ᠎ᠡ᠂ ᠪᠤᠴᠠᠬᠤ ᠤᠤ ᠶᠠᠭᠠᠬᠢᠬᠤ ᠤᠤ︖︾ ᠭᠡᠵᠦ ᠲᠦᠷ ᠡᠷᠬᠢᠯᠳᠦᠭᠰᠡᠨ ᠢᠶᠠᠨ᠂ ᠪᠠᠯᠠᠷ ᠠᠴᠠ ᠠᠶᠤᠳᠠᠭ ᠪᠠᠭᠠᠰᠦᠨ | ᠮᠤᠩᠭᠤᠯ ᠭᠡᠵᠦ ᠱᠣᠤᠯᠠᠭᠤᠯᠬᠤ ᠠᠴᠠ ᠪᠠᠶᠢᠳᠠᠭ ᠨᠢ ᠶᠠᠭᠤ ᠪᠤᠯᠬᠤ ᠶᠢ ᠬᠠᠷᠠᠴᠢᠬᠠᠭᠠᠳ ᠪᠤᠴᠠᠶᠡ ᠬᠡᠮᠡᠨ ᠰᠢᠳᠮᠡᠭ | ᠠᠯᠬᠤᠪᠡ ᠬᠡᠨ᠎ᠡ᠃ | ᠪᠠᠷᠳᠠᠭᠠᠲᠦ ᠠᠭᠤᠯᠠ ᠶᠢᠨ ᠪᠠᠯᠠᠷᠬᠠᠢ ᠵᠦᠷᠢᠭ ᠢᠶᠠᠷ ᠡᠪᠡᠰᠦ ᠴᠢᠯᠠᠭᠤ ᠵᠠᠶᠢᠳᠠᠯᠠᠨ ᠵᠢᠳᠭᠦᠯᠡᠵᠦ ᠬᠡᠲᠦ ᠬᠡᠲᠦᠨ | ᠬᠦᠲᠦᠯ ᠲᠠᠮᠵᠢᠨ ᠦᠨᠳᠦᠷ ᠤᠷᠬᠢᠯ ᠤᠨ ᠬᠢᠨ ᠠᠰᠬ᠎ᠠ ᠪᠤᠰᠤᠭ᠎ᠠ ᠬᠠᠲᠡ ᠶᠢᠨ ᠠᠷᠵᠠᠭᠠᠷ ᠪᠠᠷᠵᠠᠭᠠᠷ ᠦᠭᠡᠷ ᠴᠢᠯᠠᠭᠤ | ᠲᠦᠩᠭᠦᠶᠢᠭᠰᠡᠨ ᠬᠢᠷ᠎ᠡ ᠳᠤ ᠬᠦᠷᠬᠦ ᠳᠤ᠂ ᠡᠭᠦᠯᠡ ᠮᠠᠨᠠᠨ ᠭᠠᠵᠠᠷᠲᠡᠨ ᠤᠶᠢᠲᠦ ᠤᠢ ᠲᠠᠢ ᠪᠠᠨ ᠵᠠᠯᠭᠠᠯᠳᠤᠭᠰᠡᠨ | ᠬᠡᠴᠡᠭᠦᠦ ᠪᠠᠶᠢᠴᠡ ᠲᠠᠢ ᠭᠠᠵᠠᠷ ᠪᠠᠶᠢᠵᠠᠢ᠃ ᠡᠪᠦᠳᠦᠭ ᠲᠠᠪᠠᠭᠰᠡᠨ ᠦᠯᠦᠩ ᠡᠪᠡᠰᠦᠨ ᠳᠤ ᠨᠢ ᠬᠦᠯ ᠲᠠᠯᠪᠢᠬᠤ ᠶᠢ | ᠤᠯᠵᠦ ᠶᠠᠳᠠᠨ᠂ ᠬᠠᠲᠡ ᠴᠢᠯᠠᠭᠤ ᠬᠠᠯᠲᠡ ᠬᠢᠰᠬᠢᠨ ᠦᠷᠦᠯᠡᠬᠦ ᠳᠤ ᠲᠦᠷ ᠲᠠᠷ ᠬᠢᠨ ᠪᠦᠮᠪᠦᠷᠢᠳᠦᠵᠦ᠂ ᠲᠦᠩ ᠲᠠᠩ | ᠬᠢᠨ ᠨᠢᠲᠦ ᠦᠭᠡᠢ ᠬᠦᠨ ᠭᠤᠤ ᠳᠤ ᠨᠢᠰᠴᠦ ᠪᠠᠶᠢᠪᠡ ᠬᠡᠨ᠎ᠡ᠃ ᠴᠢᠨ᠋ᠸ᠎ᠠ ᠡᠭᠦᠷᠯᠡᠭᠰᠡᠨ ᠭᠠᠵᠠᠷ ᠪᠤᠯᠴᠢᠬᠠᠪᠡ ᠤᠤ︖ | ᠪᠠᠭᠠᠪᠠᠭᠠᠢ ᠢᠲᠡᠭᠲᠡᠭᠰᠡᠨ ᠤᠷᠤᠨ ᠶᠤᠮ ᠪᠤᠯᠪᠡᠦ︖ ᠶᠠᠭᠤ ᠴᠦ ᠪᠤᠯᠤᠭᠰᠡᠨ ᠴᠦ ᠤᠢ ᠳᠤ ᠤᠷᠤᠵᠦ ᠮᠤᠳᠤ | ᠪᠠᠭᠤᠯᠭᠠᠭᠠᠳ ᠡᠭᠦᠷᠴᠦ ᠬᠠᠷᠢᠨᠡ ᠳ᠋ᠠ ᠬᠡᠮᠡᠨ ᠰᠤᠳᠤ ᠭᠠᠪᠵᠦ ᠡᠭᠦᠷᠴᠦ ᠶᠠᠪᠤᠬᠰᠡᠨ ᠲᠦᠯᠡᠭᠡ ᠪᠠᠭᠴᠠᠯᠠᠬᠤ ᠲᠡᠭᠡᠰᠦ᠂ | ᠮᠤᠲᠤ ᠴᠠᠪᠴᠢᠬᠤ ᠰᠦᠭᠡ ᠪᠠᠨ ᠪᠠᠭᠤᠯᠭᠠᠳᠡᠯᠡ ᠪᠦᠲᠦᠭᠦᠨ ᠮᠤᠳᠤᠨ ᠤ ᠴᠠᠭᠠᠨ᠎ᠡ ᠠᠴᠠ ᠬᠠᠲᠡ ᠶᠡᠭᠦᠷᠡᠵᠦ ᠠᠭᠤᠯᠠ | ᠲᠦᠩᠭᠬᠢᠨᠡᠯᠡ ᠬᠦᠷᠬᠢᠷᠡᠭᠰᠡᠭᠡᠷ ᠰᠠᠷᠯᠤᠭ ᠤᠨ ᠪᠤᠬ᠎ᠠ ᠠᠴᠠ ᠴᠦ ᠲᠤᠮᠤ ᠪᠠᠷᠰ ᠰᠢᠭᠤᠳ ᠲᠠᠭᠠᠷᠢᠭᠠᠳ ᠢᠷᠡᠵᠦ ᠬᠡᠨ᠎ᠡ᠃ | ᠬᠦᠢ ᠬᠠᠢ ᠶᠢᠨ ᠵᠡᠪ ᠦᠭᠡᠢ ᠠᠰ ᠲᠤᠯᠤᠭᠰᠡᠨ ᠬᠠᠯᠵᠠ ᠪᠠᠷᠢᠭᠠᠨ ᠳᠤ᠂ ᠰᠤᠳᠤ ᠭᠠᠪᠵᠦ ᠮᠤᠩᠭᠤᠯ ᠬᠦᠮᠦᠨ ᠤ | ᠨᠤᠬᠠᠢ ᠣᠪᠤᠭᠠᠳᠤᠬᠤ ᠶᠤᠰᠤ ᠪᠠᠷ ᠯᠡ ᠠᠳᠬᠤᠵᠦ ᠠᠮᠵᠢᠭᠠᠳᠬᠤᠶᠠᠷ ᠭᠠᠷ ᠢᠶᠠᠷ ᠢᠶᠠᠨ ᠨᠤᠭᠤ ᠲᠠᠷᠤᠵᠠᠢ᠃ | ᠤᠪᠤᠭᠠᠳᠤᠭᠤᠯᠵᠦ ᠲᠠᠷᠤᠭᠤᠯᠤᠭᠰᠡᠨ ᠪᠠᠷᠰ ᠬᠦᠷᠴᠢᠬᠢᠨᠡᠨ ᠤᠷᠬᠢᠷᠠᠵᠦ ᠪᠡᠶ᠎ᠡ ᠪᠠᠨ ᠰᠢᠯᠡᠭᠡᠨ ᠬᠤᠶᠠᠷ ᠰᠡᠪᠡᠷ ᠢᠶᠠᠷ | ᠢᠶᠠᠨ ᠰᠤᠳᠤ ᠭᠠᠪᠵᠦ ᠶᠢᠨ ᠭᠠᠷ ᠲᠤᠬᠤᠢ ᠡᠩᠭᠡᠷ ᠬᠤᠷᠮᠤᠢ ᠶᠢ ᠨᠢ ᠮᠠᠭᠠᠵᠢᠨ ᠲᠡᠯᠡᠳᠬᠦ ᠳᠤ᠂ ᠮᠠᠰᠢ ᠠᠭᠤᠷᠯᠠᠬᠰᠡᠨ | ᠰᠤᠳᠤ ᠭᠠᠪᠵᠦ ᠤᠪᠤᠭᠠᠳᠤᠭᠰᠡᠨ ᠪᠠᠶᠢᠴᠡ ᠪᠠᠷ ᠢᠶᠠᠨ ᠪᠠᠷᠰ ᠤᠨ ᠬᠠᠮᠠᠷ ᠢ ᠭᠠᠵᠠᠷ ᠰᠢᠭᠠᠭᠠᠳ ᠪᠠᠶᠢᠵᠠᠢ᠃ ᠰᠢᠷᠦᠭᠦᠨ | ᠲᠡᠮᠡᠴᠡᠭᠡᠨ ᠲᠦᠷ ᠦᠷᠬᠦᠯᠵᠢᠯᠠᠭᠡᠳ ᠰᠠᠶᠢᠷ ᠤᠨ ᠬᠠᠮᠠᠷ ᠨᠢ ᠶᠠᠵᠠᠷᠠᠵᠦ ᠮᠠᠭᠤᠳᠠᠭᠰᠡᠨ ᠪᠠᠷᠰ ᠰᠡᠭᠦᠯ ᠢᠶᠠᠨ | ᠰᠢᠷᠪᠠᠭᠠᠨᠠᠬᠤ ᠠᠴᠠ ᠦᠭᠡᠷ᠎ᠡ ᠲᠠᠷ ᠦᠭᠡᠢ ᠪᠤᠯᠬᠤ ᠳᠤ ᠰᠤᠳᠤ ᠭᠠᠪᠵᠦ ᠲᠦᠯᠡᠭᠡᠨ ᠤ ᠰᠦᠭᠡ ᠤᠷᠤᠭᠤ ᠪᠠᠨ | ᠬᠠᠷᠠᠭᠰᠡᠨ ᠢᠶᠠᠨ ᠠᠮᠢ ᠬᠤᠷᠤᠭᠠᠵᠦ ᠨᠢᠭᠦᠯ ᠬᠢᠭᠡᠳ ᠶᠠᠭᠤ ᠬᠢᠬᠦ ᠪᠤᠢ ᠬᠡᠭᠰᠡᠭᠡᠷ ᠲᠤᠮᠤ ᠪᠠᠷᠰ ᠢ ᠴᠢᠷᠴᠦ ᠦᠬᠡᠷ | ᠴᠢᠯᠠᠭᠤᠨ ᠤ ᠬᠠᠵᠠᠭᠤ ᠳᠤ ᠠᠪᠠᠴᠢᠬᠠᠭᠠᠳ ᠲᠡᠯ᠎ᠡ ᠭᠠᠷ ᠢᠶᠠᠷ ᠢᠶᠠᠨ ᠪᠦᠲᠦᠭᠦᠨ ᠪᠦᠲᠦᠭᠦᠨ ᠴᠢᠯᠠᠭᠤ ᠪᠠᠭᠤᠯᠭᠠᠵᠦ | ᠪᠠᠷᠰ ᠢ ᠦᠭᠡᠷ ᠴᠢᠯᠠᠭᠤ ᠪᠠᠷ ᠪᠤᠰᠤᠭᠠᠳ ᠲᠤᠳᠠᠭᠠᠵᠦ ᠴᠢᠳᠠᠮ ᠦᠭᠡᠢ ᠬᠡᠮᠵᠢᠶ᠎ᠡ ᠪᠠᠷ ᠲᠠᠷᠤᠵᠦ ᠤᠷᠬᠢᠵᠠᠢ᠃ ᠰᠤᠳᠤ | ᠭᠠᠪᠵᠦ ᠤᠴᠢᠷ ᠶᠠᠪᠤᠳᠡᠯ ᠤᠨ ᠴᠠᠭᠠᠳᠠᠬᠢ ᠶᠢ ᠣᠶᠢᠯᠠᠭᠠᠭᠰᠡᠨ ᠳᠠᠭᠠᠨ ᠦᠰᠡᠯᠵᠦ᠂ ᠴᠠᠭᠠᠰᠢ ᠤᠢ ᠳᠤ ᠤᠷᠤᠭᠠᠳ | ᠪᠤᠰᠤᠭ᠎ᠠ ᠬᠡᠪᠲᠡᠭᠡ ᠬᠠᠳᠠᠵᠦ ᠦᠵᠢᠷᠡᠭᠰᠡᠨ ᠲᠤᠮᠤ ᠮᠤᠲᠦ ᠶᠢ ᠲᠤᠬᠤᠢ ᠪᠠᠷ ᠢᠶᠠᠨ ᠶᠤᠪᠤᠷᠴᠦ ᠤᠨᠠᠭᠠᠨ᠂ ᠴᠢᠷᠴᠦ | ᠭᠠᠷᠭᠠᠭᠠᠳ ᠲᠡᠭᠡᠰᠦ ᠪᠠᠷ ᠬᠡᠲᠦᠷᠴᠦ ᠲᠡᠷᠡ ᠴᠢᠭ ᠢᠶᠠᠷ ᠨᠢ ᠡᠭᠦᠷᠦᠭᠡᠳ ᠲᠡᠭᠡᠷ᠎ᠡ ᠨᠠᠷᠠ ᠲᠠᠢ ᠪᠤᠴᠠᠵᠠᠢ᠃ | ᠲᠤᠮᠤ ᠮᠤᠳᠤᠳ ᠢᠶᠠᠨ ᠭᠤᠳᠤᠮᠵᠢᠨ ᠠᠮᠠᠨ ᠳᠤ ᠤᠷᠬᠢᠭᠠᠳ ᠰᠡᠮᠡᠭᠡᠨ ᠭᠤᠯᠭᠤᠵᠦ ᠪᠠᠭᠰᠢ ᠳᠤ ᠪᠠᠨ | ᠬᠦᠷᠦᠭᠡᠳ ᠤᠴᠢᠷ ᠶᠠᠪᠤᠳᠡᠯ ᠢ ᠦᠨᠡᠨ ᠪᠦᠷᠢᠨ ᠢᠶᠠᠷ ᠨᠢ ᠲᠤᠰᠢᠶᠠᠬᠤ ᠳᠤ ᠪᠠᠭᠰᠢ ᠨᠢ᠄ ︽ᠵᠠ᠂ ᠲᠡᠭᠡᠯᠭᠦᠢ ᠶᠠᠭᠠᠬᠢᠬᠤ | ᠪᠤᠢ᠂ ᠲᠠᠩᠭᠤᠳ ᠤᠳ ᠪᠤᠯᠳᠠᠬᠤ ᠦᠭᠡᠢ ᠶᠤᠮ᠂ ᠭᠠᠷ ᠬᠦᠯ ᠤᠨ ᠢᠶᠠᠨ ᠴᠢᠰᠦ ᠶᠢ ᠤᠬᠢᠶᠠᠵᠦ ᠤᠷᠠᠩᠬᠠᠢ ᠴᠤᠷᠤᠩᠬᠠᠢ | ᠬᠤᠪᠴᠠᠰᠦ ᠪᠠᠨ ᠡᠪᠯᠡᠭᠦᠯᠵᠦ ᠰᠤᠯᠢ︕ ᠲᠡᠭᠡᠭᠡᠳ ᠴᠢᠮᠡᠭᠡ ᠦᠭᠡᠢ ᠠᠵᠢᠵᠦ ᠪᠠᠢ︾ ᠭᠡᠳ ᠦᠪᠡᠷ ᠤᠨ ᠬᠦᠷᠡᠩ | ᠲᠡᠷᠯᠢᠭ ᠢᠶᠠᠨ ᠦᠭᠭᠦᠭᠰᠡᠨ ᠶᠤᠮ ᠬᠡᠨ᠎ᠡ᠃ | ᠦᠳᠡᠰᠢ ᠪᠤᠯᠬᠤ ᠳᠤ᠂ ᠲᠦᠯᠡᠭᠡᠨ ᠳᠤ ᠶᠠᠪᠤᠬᠰᠡᠨ ᠭᠠᠪᠵᠦ ᠬᠠᠮᠢᠭ᠎ᠠ ᠪᠠᠶᠢᠨ᠎ᠡ ᠭᠡᠳ ᠬᠦᠮᠦᠰ ᠴᠤᠬᠯᠠᠷᠠᠵᠠᠢ | ᠬᠡᠨ᠎ᠡ᠃ ᠰᠤᠳᠤ ᠭᠠᠪᠵᠦ ᠭᠤᠸᠠᠢ ᠶᠢ ᠲᠤᠳᠤᠷ ᠦᠷᠦᠭᠡᠨ ᠠᠴᠠ ᠭᠠᠷᠤᠭᠠᠳ ᠵᠤᠯᠭᠠᠬᠤ ᠳᠤ ᠭᠠᠶᠢᠬᠠᠰᠬᠢᠭᠰᠡᠨ ᠢᠶᠠᠨ᠂ | ︽ᠲᠡᠭᠦᠭᠰᠡᠨ ᠲᠦᠯᠡᠭᠡ ᠴᠢᠨᠢ︖︾ ᠬᠡᠭᠦ ᠳᠤ᠂ ︽ᠰᠦᠮ᠎ᠡ ᠶᠢᠨ ᠬᠦᠷᠢᠶᠡᠨ ᠤ ᠭᠤᠳᠤᠮᠵᠢ ᠴᠢᠨᠢ ᠪᠠᠭᠳᠠᠬᠤ ᠦᠭᠡᠢ | ᠪᠤᠯᠬᠤᠷ ᠠᠮᠠᠨ ᠳᠤ ᠨᠢ ᠤᠷᠬᠢᠭᠤᠯᠤᠭᠰᠡᠨ ᠶᠤᠮ᠂ ᠰᠦᠮ᠎ᠡ ᠪᠠᠨ ᠲᠤᠮᠤᠷᠠᠭᠤᠯᠵᠦ ᠭᠤᠳᠤᠮᠵᠢ ᠪᠠᠨ ᠦᠷᠭᠡᠳᠭᠡᠭᠰᠡᠨ | ᠬᠤᠶᠢᠨ᠎ᠡ ᠡᠭᠦᠷᠦᠭᠦᠯᠵᠦ ᠠᠪᠴᠢᠷᠠᠶᠡ︾ ᠬᠡᠮᠡᠨ ᠪᠠᠭᠰᠢ ᠨᠢ ᠲᠤᠰᠴᠦ ᠲᠤᠤᠭᠠᠷᠴᠠᠢ ᠬᠡᠨ᠎ᠡ᠃ ᠬᠦᠮᠦᠰ ᠬᠦᠶᠦᠯᠳᠦᠨ | ᠭᠤᠳᠤᠮᠵᠢ ᠶᠢᠨ ᠠᠮᠠᠨ ᠳᠤ ᠤᠴᠢᠵᠦ ᠦᠵᠡᠬᠦ ᠳᠤ ᠲᠡᠪᠡᠷᠢ ᠪᠦᠲᠦᠭᠦᠨ ᠠᠷᠪᠠᠭᠠᠳ ᠮᠤᠳᠤ ᠶᠢ ᠤᠷᠲᠦ ᠴᠢᠭ ᠢᠶᠠᠷ | ᠨᠢ ᠡᠭᠦᠷᠴᠦ ᠠᠪᠴᠢᠷᠠᠭᠠᠳ ᠭᠤᠳᠤᠮᠵᠢ ᠶᠢᠨ ᠠᠮᠠ ᠶᠢ ᠪᠦᠭᠯᠡᠭᠡᠳ ᠬᠦᠨᠲᠡᠯᠡᠨ ᠤᠪᠤᠭᠠᠯᠠᠵᠦ ᠬᠠᠶᠠᠴᠢᠬᠠᠭᠰᠡᠨ | ᠪᠠᠶᠢᠵᠠᠢ᠃ ᠬᠦᠮᠦᠰ ᠭᠠᠶᠢᠬᠠᠵᠦ ᠰᠤᠴᠢᠬᠤ ᠶᠢᠨ ᠲᠦᠢᠯ ᠪᠤᠯᠵᠦ ᠬᠠᠨᠴᠤᠢ ᠳᠤ ᠪᠠᠨ ᠵᠠᠯᠪᠠᠷᠢᠵᠠᠭᠠᠨ᠂ ᠠᠮᠠ ᠬᠤᠷᠳᠤᠨ | ᠨᠢᠭᠡ ᠨᠢ᠄ ︽ᠲᠦᠯᠡᠭᠡ ᠲᠡᠭᠦᠵᠦ ᠪᠠᠶᠢᠬᠤ ᠳᠤ ᠴᠢᠨᠢ ᠠᠮᠢᠲᠡᠨ ᠲᠠᠭᠠᠷᠠᠬᠰᠡᠨ ᠦᠭᠡᠢ ᠤᠤ︖︾ ᠭᠡᠵᠦ ᠰᠤᠨᠢᠭᠤᠴᠢᠯᠠᠪᠡᠯ᠂ | ︽ᠨᠢᠭᠡ ᠮᠤᠤᠷ ᠤᠨ ᠵᠤᠯᠵᠠᠭ᠎ᠠ ᠢᠷᠡᠭᠡᠳ ᠭᠠᠷ ᠬᠦᠯ ᠮᠠᠭᠠᠵᠢᠭᠠᠳ ᠪᠠᠶᠢᠬᠰᠡᠨ︾ ᠭᠡᠳ ᠰᠤᠳᠤ ᠭᠠᠪᠵᠦ ᠪᠠᠷᠰ ᠲᠤ | ᠰᠠᠪᠠᠷᠳᠠᠭᠤᠯᠤᠭᠰᠡᠨ ᠭᠠᠷ ᠤᠨ ᠬᠠᠨᠴᠤᠢ ᠪᠠᠨ ᠢᠷᠡᠵᠦ ᠦᠵᠡᠭᠦᠯᠵᠠᠢ᠃ ᠨᠢᠲᠦ ᠨᠢ ᠤᠷᠤᠢ ᠳᠤ ᠪᠠᠨ ᠭᠠᠷᠤᠬᠰᠡᠨ | ᠬᠦᠮᠦᠰ᠄ ︽ᠦᠭᠡᠢ᠂ ᠲᠡᠭᠡᠭᠡᠳ ᠦᠨᠦᠬᠢ ᠠᠮᠢᠲᠡᠨ ᠢᠶᠠᠨ ᠶᠠᠭᠠᠬᠢᠬᠰᠡᠨ︖︾ ᠬᠡᠬᠦ ᠳᠤ᠂ ︽ᠮᠠᠷᠭᠠᠰᠢ ᠲᠦᠯᠡᠭᠡ ᠲᠡᠭᠦᠬᠦ | ᠳᠡᠭᠡᠨ ᠬᠠᠨᠢ ᠲᠠᠢ ᠪᠠᠢ ᠭᠡᠳ ᠴᠢᠯᠠᠭᠤ ᠪᠠᠷ ᠲᠠᠷᠤᠵᠦ ᠤᠷᠬᠢᠭᠰᠡᠨ︾ ᠬᠡᠪᠡᠯ᠂ ︽ᠪᠤᠯᠠᠢ ᠶᠠᠭᠤᠮ᠎ᠡ ᠪᠤᠯᠤᠯ᠎ᠡ᠂ ᠦᠨᠦᠬᠢ | ᠴᠢᠨᠢ ᠠᠭᠤᠯᠠ ᠶᠢᠨ ᠡᠵᠡᠨ ᠪᠠᠶᠢᠭ᠎ᠠ ᠶᠤᠮ᠂ ᠪᠠᠷᠴᠢᠳ ᠠᠪᠴᠢᠷᠠᠨᠡ᠂ ᠬᠤᠷᠳᠤᠨ ᠲᠠᠯᠪᠢᠭᠠᠳ ᠠᠯᠢ᠂ ᠲᠠᠬᠢᠵᠦ | ᠲᠦᠯᠡᠭᠡ ᠮᠤᠳᠤ ᠬᠡᠬᠦ ᠦᠭᠡᠢ︾ ᠬᠡᠮᠡᠨ ᠠᠮᠠ ᠰᠠᠪᠠᠨ ᠳᠤ ᠪᠠᠨ ᠭᠤᠶᠤᠴᠢᠬᠠᠵᠦ ᠬᠡᠨ᠎ᠡ᠃ | ᠰᠤᠳᠤ ᠭᠠᠪᠵᠦ ᠭᠠᠯ ᠪᠠᠷᠢᠬᠰᠡᠨ ᠪᠠᠮᠪᠠᠷ ᠠᠰᠠᠭᠠᠭᠰᠡᠨ ᠪᠦᠭᠦᠶᠢᠯᠡ ᠰᠦᠮ᠎ᠡ ᠶᠢᠨ ᠯᠠᠮᠠ ᠬᠤᠸᠠᠷᠠᠭ ᠬᠡᠬᠡᠨᠲᠡᠨ | ᠬᠡᠪᠰᠢ ᠨᠠᠷ ᠲᠠᠢ ᠰᠦᠨᠢ ᠪᠠᠷ ᠠᠭᠤᠯᠠᠨ ᠳᠤ ᠭᠠᠷᠴᠦ ᠦᠵᠡᠬᠦ ᠳᠤ᠂ ᠦᠨᠦᠬᠢ ᠪᠠᠷᠰ ᠨᠢ ᠴᠢᠯᠠᠭᠤᠨ ᠳᠤ ᠲᠠᠷᠤᠭᠠᠳᠠᠢ | ᠬᠡᠪ ᠢᠶᠠᠷ ᠢᠶᠠᠨ ᠪᠠᠶᠢᠵᠠᠢ᠃ ᠯᠠᠮᠠ ᠨᠠᠷ ᠬᠤᠯᠠ ᠠᠴᠠ ᠪᠠᠷᠠᠭᠠᠳᠠᠨ ᠠᠮᠠᠨ ᠳᠠᠭᠠᠨ ᠲᠠᠷᠨᠢ ᠤᠩᠰᠢᠨ ᠭᠠᠷ ᠲᠤ ᠪᠠᠨ | ᠡᠷᠢᠭᠡ ᠰᠢᠪᠳᠤᠷᠴᠦ ᠪᠤᠵᠠᠭᠠᠨᠠᠨ ᠪᠤᠯᠬᠤ ᠳᠤ ᠰᠤᠳᠤ ᠭᠠᠪᠵᠦ ᠭᠠᠭᠴᠠᠭᠠᠷ ᠬᠦᠷᠴᠦ ᠲᠠᠷᠤᠬᠰᠡᠨ ᠴᠢᠯᠠᠭᠤ ᠶᠢ ᠨᠢ | ᠡᠷᠭᠦᠵᠦ ᠵᠠᠶᠢᠯᠠᠭᠤᠯᠬᠤ ᠳᠤ᠂ ᠲᠤᠮᠤ ᠡᠷᠢᠶᠠᠨ ᠬᠠᠷ᠎ᠡ ᠬᠦᠷᠡᠩ ᠪᠠᠷᠰ ᠮᠠᠭᠤᠵᠢᠷᠠᠭᠠᠳ ᠪᠤᠰᠤᠭᠠᠳ ᠡᠷᠬᠢᠨ | ᠰᠢᠷᠪᠠᠯᠵᠠᠬᠰᠠᠭᠠᠷ ᠠᠭᠠᠵᠢᠭᠤᠬᠠᠨ ᠴᠠᠭᠠᠰᠢᠯᠠᠵᠠᠢ ᠬᠡᠨ᠎ᠡ᠃ | | |