ᠰᠤᠳᠤ ᠭᠠᠪᠵᠦ ᠶᠢᠨ ᠲᠤᠮᠤᠭ ︵ᠭᠤᠷᠪᠡ︶
ᠨᠡᠶᠢᠲᠡᠯᠡᠭᠰᠡᠨ ᠴᠠᠭ᠄
2019-12-17
     ᠤᠬᠠᠭᠠᠨ ᠳᠤ ᠨᠢ ᠤᠨᠠᠵᠦ ᠤᠮᠤᠭ ᠢᠶᠠᠨ ᠭᠠᠷᠭᠠᠭᠰᠡᠨ ᠨᠢ      ᠡᠳᠤᠭ ᠬᠤᠨᠤᠭ ᠤᠯᠠᠷᠢᠬᠰᠠᠭᠠᠷ ᠡᠪᠤᠯ ᠤᠨ ᠡᠬᠢ ᠲᠦᠭᠦᠵᠦ᠂ ᠭᠤᠤᠯ ᠤᠨ ᠤᠰᠤ ᠮᠦᠭᠡᠷᠡᠰᠳᠠᠬᠦ ᠴᠠᠭ ᠪᠤᠯᠵᠠᠢ᠃ ᠲᠡᠭᠡᠷ᠎ᠡ ᠬᠤᠶᠠᠷ ᠤᠳᠠᠭᠠᠨ ᠤ ᠶᠠᠪᠤᠳᠡᠯ ᠠᠴᠠ ᠬᠤᠶᠢᠰᠢ ᠲᠠᠬᠢᠵᠦ ᠶᠡᠷᠦ ᠬᠠᠪᠢᠷᠠᠯᠳᠤᠬᠤ ᠪᠠᠨ ᠪᠠᠶᠢᠵᠦ᠂ ᠮᠤᠩᠭᠤᠯ ᠤᠨ ᠪᠠᠭᠠᠳᠤᠷ ᠮᠠᠬᠠᠷᠠᠨᠽᠠ ᠶᠢᠨ ᠪᠦᠷᠢᠯᠸ᠎ᠠ ᠬᠡᠮᠡᠨ ᠪᠦᠬᠦᠯᠵᠠᠵᠦ᠂ ᠶᠠᠭᠤᠮ᠎ᠡ ᠪᠤᠯᠭᠠᠨ ᠳᠤ ᠰᠢᠮᠰᠢᠷᠡᠭᠡᠳ ᠪᠠᠶᠢᠭᠠᠳ ᠲᠠᠩᠭᠤᠴᠤᠳ ᠨᠢᠭᠡ ᠡᠳᠤᠷ ᠰᠤᠳᠤ ᠭᠠᠪᠵᠦ ᠶᠢ ᠵᠠᠯᠠᠵᠦ ᠦᠪᠡᠷᠰᠡᠳ ᠤᠨ ᠢᠶᠠᠨ ᠲᠤᠰ ᠤᠯᠠᠷᠢᠯ ᠳᠤ ᠭᠤᠤᠯ ᠤᠨ ᠬᠦᠪᠡᠭᠡᠨ ᠳᠤ ᠶᠠᠪᠤᠬᠳᠠᠬᠤ ᠡᠷ᠎ᠡ ᠰᠢᠯᠭᠠᠬᠤ ᠨᠠᠭᠠᠳᠤᠮ ᠢ ᠰᠤᠨᠢᠷᠬᠠᠭᠤᠯᠤᠶ᠎ᠡ ᠬᠡᠵᠡᠢ᠃ ᠪᠠᠭᠰᠢ ᠠᠴᠠ ᠪᠠᠨ ᠵᠦᠪᠯᠡᠯᠭᠡ ᠠᠪᠤᠪᠠᠯ᠂ ︽ᠰᠠᠶᠢᠨ ᠰᠠᠨᠠᠭ᠎ᠠ ᠪᠢᠰᠢ᠂ ᠭᠡᠪᠡᠴᠦ ᠲᠤᠭᠤᠯᠬᠤ ᠠᠴᠠ ᠲᠤᠭᠤᠷᠢᠵᠦ ᠪᠤᠯᠬᠤ ᠶᠤᠮ ᠪᠢᠰᠢ ᠪᠠᠶᠢᠨ᠎ᠡ᠃ ᠤᠰᠤᠨ ᠤ ᠬᠦᠪᠡᠭᠡᠨ ᠳᠤ ᠪᠢᠲᠡᠭᠡᠢ ᠤᠶᠢᠷᠠᠳ ᠳ᠋ᠠ᠂ ᠮᠦᠰᠦᠨ ᠤ ᠬᠦᠨᠲᠠᠢ ᠪᠠᠷ ᠲᠦᠯᠬᠢᠵᠦ ᠮᠡᠲᠡᠨ᠎ᠡ︾ ᠭᠡᠵᠦ ᠰᠠᠨᠠᠭᠤᠯᠤᠭᠰᠡᠨ ᠬᠡᠨ᠎ᠡ᠃      ᠨᠦᠬᠦᠭᠡ ᠬᠦᠮᠦᠨ ᠢ ᠲᠠᠭᠠᠵᠦ ᠤᠴᠢᠭᠠᠳ ᠦᠵᠡᠪᠡᠯ᠂ ᠮᠦᠷᠡᠨ ᠤ ᠤᠰᠤ ᠬᠠᠶᠢᠯᠤᠭᠰᠡᠨ ᠮᠦᠰᠦᠲᠦ ᠲᠠᠪᠰᠠᠭ ᠲᠡᠭᠡᠷ᠎ᠡ ᠲᠦᠷᠪᠠᠨ ᠭᠠᠳᠠᠰᠦ ᠰᠢᠬᠠᠴᠢᠬᠠᠭᠠᠳ᠂ ᠴᠡᠭᠡᠵᠢ ᠪᠠᠨ ᠨᠢᠴᠦᠭᠦᠴᠢᠭᠡᠭᠰᠡᠨ ᠨᠢᠭᠡᠨ ᠬᠦᠮᠦᠨ ᠢ ᠲᠡᠭᠡᠭᠰᠢ ᠬᠠᠨᠳᠤᠭᠤᠯᠤᠨ ᠬᠡᠪᠳᠠᠭᠦᠯᠵᠦ ᠲᠦᠷᠪᠠᠨ ᠮᠦᠴᠢ ᠠᠴᠠ ᠨᠢ ᠲᠡᠯᠡᠵᠦ ᠤᠶᠠᠭᠠᠳ᠂ ᠬᠦᠮᠦᠰ ᠴᠡᠭᠡᠵᠢᠨ ᠲᠡᠭᠡᠷ᠎ᠡ ᠨᠢ ᠨᠢᠭᠡ ᠨᠢᠭᠡ ᠪᠠᠷ ᠰᠤᠨᠳᠠᠯᠠᠨ ᠰᠠᠭᠤᠵᠦ ᠪᠠᠶᠢᠪᠡ᠃ ᠲᠡᠯᠡᠭᠡ ᠬᠦᠯᠢᠭᠡ ᠲᠠᠢ ᠬᠦᠮᠦᠨ ᠲᠠᠰᠬᠦ ᠪᠠᠨ ᠪᠠᠶᠢᠵᠦ ᠠᠮᠠᠨ ᠳᠠᠭᠠᠨ ᠡᠮᠭᠦᠭᠰᠡᠨ ᠤᠰᠤ ᠪᠠᠨ ᠦᠯᠢᠶᠠᠨ ᠭᠠᠷᠭᠠᠪᠡᠯ᠂ ᠪᠤᠰᠤᠳ ᠨᠢ ᠢᠨᠢᠶᠠᠯᠴᠠᠨ ᠬᠦᠶᠦᠨ ᠪᠤᠰᠤᠯᠴᠠᠭᠠᠳ᠂ ᠬᠡᠲᠦᠢ ᠬᠦᠮᠦᠨ ᠪᠤᠯᠳᠠᠯ᠎ᠡ ᠲᠡᠰᠦᠭᠰᠡᠨ ᠢ ᠨᠢ ᠲᠡᠮᠲᠡᠭᠯᠡᠨ ᠬᠦᠭᠡᠷᠦᠯᠳᠤᠵᠦ ᠪᠠᠶᠢᠪᠡ ᠬᠡᠨ᠎ᠡ᠃ ᠡᠭᠦᠨ ᠢ ᠬᠠᠷᠠᠵᠦ ᠬᠦᠭᠡ ᠢᠨᠢᠶᠠᠲᠦ ᠨᠢ ᠬᠦᠷᠴᠦ ᠱᠠᠯ ᠲᠤᠭᠤᠭᠰᠡᠨ ᠦᠭᠡᠢ ᠰᠤᠳᠤ ᠭᠠᠪᠵᠦ᠄ ︽ᠸᠠ︕ ᠯᠠᠮᠠ᠂ ᠲᠠᠨ ᠤ ᠲᠠᠩᠭᠤᠳ ᠡᠲᠦᠶᠢᠭᠡᠨ ᠪᠠᠶᠢᠬᠰᠡᠨ ᠶᠤᠮ ᠤᠤ︖ ᠪᠢ ᠬᠡᠪᠲᠠᠵᠦ ᠪᠠᠢ ᠶᠠ᠂ ᠲᠠᠨᠤᠰ ᠪᠠᠭᠳᠠᠬᠤ ᠬᠢᠷᠢ ᠪᠠᠷ ᠢᠶᠠᠨ ᠰᠠᠭᠤ︾ ᠬᠡᠵᠠᠢ᠃ ᠰᠤᠳᠤ ᠭᠠᠪᠵᠦ ᠭᠤᠸᠠᠢ ᠴᠡᠭᠡᠵᠢ ᠪᠠᠨ ᠨᠢᠴᠦᠭᠦᠯᠡᠨ ᠬᠦᠮᠦᠨ ᠠᠴᠠ ᠵᠠᠶᠢᠳᠠᠭᠤᠬᠠᠨ ᠮᠦᠷᠡᠨ ᠤ ᠬᠦᠪᠡᠭᠡᠨ ᠳᠤ ᠬᠦᠷᠴᠦ᠂ ᠵᠠᠶᠢᠷᠳᠤᠬᠰᠡᠨ ᠮᠦᠰᠦ ᠴᠤᠭᠤᠴᠢᠨ ᠨᠢᠭᠡ ᠠᠮᠠ ᠤᠰᠤ ᠤᠭᠤᠴᠢᠭᠠᠳ ᠬᠦᠯᠢᠭᠡᠨ ᠤ ᠪᠠᠨ ᠭᠠᠵᠠᠷ ᠲᠡᠭᠡᠭᠰᠢ ᠬᠠᠨᠳᠤᠨ ᠬᠡᠪᠳᠠᠵᠦ ᠬᠡᠨ᠎ᠡ᠃ ᠬᠤᠶᠠᠷ ᠪᠠᠨᠳᠢ ᠠᠳᠬᠤ ᠪᠦᠲᠦᠭᠦᠨ ᠲᠡᠭᠡᠰᠦ ᠪᠠᠷ ᠰᠤᠳᠤ ᠭᠠᠪᠵᠦ ᠶᠢᠨ ᠲᠦᠷᠪᠠᠨ ᠮᠦᠴᠢ ᠶᠢ ᠪᠢᠲᠡᠭᠦᠦ ᠤᠷᠠᠬᠳᠠᠵᠦ᠂ ᠲᠦᠷᠪᠠᠨ ᠲᠡᠯ᠎ᠡ ᠶᠢᠨ ᠭᠠᠳᠠᠰᠤᠨ ᠳᠤ ᠬᠦᠯ ᠢ ᠨᠢ ᠵᠡᠷᠭᠡᠯᠡᠨ ᠲᠡᠯᠡᠭᠡᠳ ᠴᠢᠩᠭᠠᠯᠡᠵᠦ ᠤᠶᠠᠮᠠᠬᠴᠡ ᠠᠷᠪᠠᠭᠠᠳ ᠬᠦᠮᠦᠰ ᠨᠢᠭᠡ ᠯᠡ ᠲᠠᠭᠤᠨ ᠢᠶᠠᠷ ᠲᠡᠭᠡᠷ᠎ᠡ ᠠᠴᠠ ᠨᠢ ᠤᠪᠤᠭᠠᠷᠠᠯᠳᠤᠨ ᠲᠠᠷᠤᠵᠠᠢ᠃ ᠪᠠᠶᠢᠲᠡᠯ ᠶᠠᠭᠤ ᠪᠤᠯᠤᠭ᠎ᠠ ᠶᠢ ᠭᠠᠳᠠᠷᠯᠠᠭᠰᠡᠨ ᠰᠤᠳᠤ ᠭᠠᠪᠵᠦ ᠪᠡᠶ᠎ᠡ ᠪᠠᠨ ᠠᠳᠬᠤᠷᠠᠭᠤᠯᠤᠨ ᠴᠢᠩᠭᠠᠯᠠᠵᠦ ᠬᠦᠯᠢᠶᠠᠨ ᠬᠡᠪᠳᠡᠬᠦ  ᠳᠤ᠂ ᠴᠡᠭᠡᠵᠢᠨ ᠲᠡᠭᠡᠷ᠎ᠡ ᠨᠢ ᠬᠠᠮᠤᠭ ᠡᠮᠦᠨ᠎ᠡ ᠵᠠᠶᠢᠳᠠᠯᠠᠵᠦ ᠰᠠᠭᠤᠭᠰᠡᠨ ᠬᠦᠳᠡᠷᠯᠢᠭ ᠲᠤᠮᠤ ᠯᠠᠮᠠ ᠬᠠᠨᠴᠤᠢ ᠠᠴᠠ ᠨᠢ ᠲᠤᠩᠭᠤᠷᠠᠭ ᠭᠠᠷᠭᠠᠭᠠᠳ᠂ ︽ᠬᠦᠯᠲᠡᠭᠦᠦ ᠮᠦᠷᠡᠨ ᠤ ᠰᠢᠪᠡᠷ ᠲᠠᠢ ᠤᠰᠤ ᠬᠦᠭᠡ ᠮᠠᠭᠤ ᠮᠤᠩᠭᠤᠯ ᠤᠨ ᠬᠤᠭᠤᠯᠠᠢ ᠪᠠᠷ ᠤᠷᠤᠬᠤ ᠰᠡᠭᠦᠯᠴᠢ ᠶᠢᠨ ᠰᠢᠩᠭᠡᠨ ᠪᠤᠯᠬᠤ ᠮᠡᠲᠡ ᠪᠢᠵᠡ︾ ᠬᠡᠳ ᠵᠠᠪᠠᠵᠢ ᠪᠠᠨ ᠲᠠᠳᠠᠯᠵᠠᠭᠤᠯᠤᠨ ᠬᠦᠢᠲᠡᠨ ᠢᠨᠢᠶᠠᠵᠦ ᠬᠡᠨ᠎ᠡ᠃ ᠰᠤᠳᠤ ᠭᠠᠪᠵᠦ ᠦᠨᠦ ᠯᠠᠮᠠ ᠶᠢᠨ ᠲᠤᠩᠭᠤᠷᠠᠭ ᠢᠶᠠᠨ ᠨᠡᠭᠡᠭᠡᠬᠦ ᠭᠱᠡᠨ ᠳᠤ ᠠᠮᠠᠨ ᠳᠠᠬᠢ ᠤᠰᠤ ᠪᠠᠨ ᠨᠢᠭᠤᠷ ᠤᠷᠤᠭᠤ ᠨᠢ ᠬᠦᠴᠦᠲᠠᠢ ᠦᠯᠢᠶᠠᠨ ᠶᠠᠪᠤᠭᠤᠯᠤᠭᠠᠳ ᠭᠠᠭᠴᠡ ᠬᠠᠰᠬᠢᠴᠢᠨ ᠲᠡᠪᠬᠡᠴᠡᠭᠡᠬᠦ ᠳᠤ ᠭᠠᠳᠠᠰᠦ ᠰᠤᠭᠤᠷᠠᠨ ᠲᠡᠭᠡᠰᠦ ᠲᠠᠰᠤᠷᠠᠵᠦ᠂ ᠲᠡᠭᠡᠷ᠎ᠡ ᠨᠢ ᠲᠠᠷᠤᠵᠦ ᠰᠠᠭᠤᠭᠰᠡᠨ ᠬᠦᠮᠦᠰ ᠬᠤᠶᠠᠷ ᠲᠠᠶᠢᠰᠢ ᠪᠤᠳᠠᠷᠠᠨ ᠤᠨᠠᠵᠠᠭᠠᠵᠠᠢ᠃ ᠠᠭᠤᠷᠯᠠᠬᠤ ᠶᠢᠨ ᠡᠷᠭᠡ ᠪᠠᠷ ᠨᠢ ᠨᠢᠳᠤᠨ ᠳᠤ ᠨᠢ ᠴᠢᠰᠦ ᠬᠦᠶᠦᠯᠭᠡᠨᠡᠭᠰᠡᠨ ᠰᠤᠳᠤ ᠭᠠᠪᠵᠦ ᠭᠠᠷ ᠤᠨ ᠲᠡᠭᠡᠰᠦ ᠭᠠᠳᠠᠭᠰᠡᠨ ᠤᠶᠠᠭ᠎ᠠ ᠪᠠᠨ ᠲᠦᠭᠦᠭᠡᠷᠲᠡᠨ ᠡᠷᠬᠢᠭᠦᠯᠵᠦ ᠬᠦᠭᠡᠭᠡᠬᠦ ᠳᠤ ᠤᠨᠤᠬᠳᠠᠭᠰᠡᠨ ᠦᠢᠴᠢᠬᠰᠡᠨ ᠪᠦᠬᠦᠲᠡ ᠪᠦᠲᠦᠨ ᠦᠯᠡᠲᠡᠭᠰᠡᠨ ᠦᠭᠡᠢ ᠬᠡᠨ᠎ᠡ᠃ ᠰᠦᠮ᠎ᠡ ᠶᠢᠨ ᠡᠭᠦᠲᠡ ᠬᠦᠷᠲᠡᠯ᠎ᠡ ᠡᠯᠳᠠᠵᠦ ᠤᠴᠢᠬᠤ ᠳᠤ᠂ ᠪᠠᠭᠰᠢ ᠨᠢ ᠲᠤᠰᠴᠦ ᠵᠤᠭᠰᠤᠭᠠᠨ ᠪᠠᠶᠢᠲᠡᠯ ᠢ ᠨᠢ ᠨᠠᠮᠳᠠᠭᠤᠯᠵᠦ ᠬᠡᠨ᠎ᠡ᠃      ᠬᠢᠵᠠᠭᠠᠷ ᠤᠨ ᠬᠤᠯᠠ ᠠᠴᠠ ᠴᠢᠩ ᠦᠨᠡᠨ ᠤ ᠰᠦᠰᠦᠭ ᠪᠠᠷᠢᠵᠦ ᠤᠴᠢᠬᠰᠡᠨ ᠮᠦᠷᠭᠦᠯᠴᠤᠳ ᠢ ᠬᠤᠷᠤᠶᠢᠯᠠᠨ ᠨᠤᠮ ᠬᠠᠶᠠᠵᠦ ᠡᠷᠲᠡᠮ ᠬᠦᠰᠡᠭᠰᠡᠨ ᠮᠤᠩᠭᠤᠯᠴᠤᠳ ᠢ ᠡᠯᠲᠡᠪ ᠢᠶᠠᠷ ᠮᠠᠭᠤᠰᠢᠶᠠᠳᠠᠭ ᠲᠠᠩᠭᠤᠴᠤᠳ ᠲᠡᠭᠦᠨ ᠠᠴᠠ ᠬᠤᠶᠢᠰᠢ ᠲᠠᠳᠠᠭᠤᠷᠠᠭᠰᠡᠨ ᠬᠡᠲᠡᠭ ᠶᠤᠮᠰᠠᠨ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号