ᠰᠡᠷᠡᠭᠡ ᠪᠠᠭᠠᠳᠤᠷ ᠤᠨ ᠲᠤᠮᠤᠭ ︵ᠬᠤᠶᠠᠷ︶
ᠨᠡᠶᠢᠲᠡᠯᠡᠭᠰᠡᠨ ᠴᠠᠭ᠄
2019-09-24
     ᠵᠢᠲᠡ ᠰᠡᠯᠡᠮ᠎ᠡ ᠡᠷᠬᠢᠭᠦᠯᠬᠦ ᠶᠢᠨ ᠵᠢᠩᠭᠢᠨᠢ ᠰᠢᠳᠢ ᠦᠵᠡᠭᠦᠯᠦᠭᠰᠡᠨ ᠨᠢ      ᠰᠡᠷᠡᠭᠡ ᠪᠠᠭᠠᠳᠤᠷ ᠢ ᠰᠡᠯᠡᠮ᠎ᠡ ᠶᠢᠨ ᠰᠢᠳᠢ ᠲᠠᠢ ᠬᠡᠮᠡᠨ ᠰᠤᠨᠤᠰᠴᠦ᠂ ᠬᠤᠰᠢᠭᠤ ᠪᠡᠶᠢᠯᠡ ᠠᠴᠠ ᠲᠠᠬᠠᠷ ᠲᠤᠮᠢᠯᠠᠨ ᠲᠠᠭᠤᠳᠠᠵᠦ᠄ ︽ᠰᠦᠮ᠎ᠡ ᠶᠢᠨ ᠬᠦᠷᠢᠶᠡᠨ ᠤ ᠲᠠᠯᠠᠪᠦᠷ ᠲᠤ ᠰᠠᠯᠡᠮ᠎ᠡ ᠶᠢᠨ ᠰᠢᠳᠢ ᠪᠠᠨ ᠦᠵᠡᠭᠦᠯ︕︾ ᠬᠡᠵᠡᠢ᠃ ᠨᠠᠯᠢᠶᠠᠳ ᠤᠷᠤᠢ ᠪᠤᠯᠤᠭᠰᠡᠨ ᠬᠤᠶᠢᠨ᠎ᠡ ᠰᠡᠷᠡᠭᠡ ᠪᠠᠭᠠᠳᠤᠷ ᠬᠢᠳᠤᠭ᠎ᠠ ᠰᠡᠯᠡᠮ᠎ᠡ ᠦᠭᠡᠢ ᠬᠤᠭᠤᠰᠤᠨ ᠤᠴᠢᠵᠠᠢ᠃ ᠰᠦᠮ᠎ᠡ ᠶᠢᠨ ᠬᠦᠷᠢᠶᠠᠨ ᠳᠤ ᠮᠤᠳᠤ ᠤᠪᠤᠭᠠᠯᠠᠨ ᠭᠠᠯ ᠨᠤᠴᠤᠭᠠᠵᠦ ᠭᠡᠷᠡᠯ ᠭᠠᠷᠭᠠᠨ᠂ ᠨᠤᠶᠠᠳ ᠬᠠᠳᠤᠳ᠂ ᠯᠠᠮᠠ ᠬᠤᠸᠠᠷᠠᠭ ᠲᠤᠭᠤᠷᠢᠵᠦ ᠵᠤᠬᠰᠤᠨ ᠰᠡᠷᠡᠭᠡ ᠪᠠᠭᠠᠳᠤᠷ ᠤᠨ ᠰᠡᠯᠡᠮ᠎ᠡ ᠶᠢᠨ ᠰᠢᠳᠢ ᠶᠢ ᠦᠵᠡᠬᠦ ᠲᠡᠪᠵᠢᠶᠠᠨ ᠪᠤᠯᠵᠤᠭᠠᠵᠦ ᠬᠡᠨ᠎ᠡ᠃      ᠰᠡᠷᠡᠭᠡ ᠪᠠᠭᠠᠳᠤᠷ ᠬᠠᠨᠴᠤᠢ ᠬᠤᠭᠤᠰᠤᠨ ᠢᠷᠡᠭᠰᠡᠨ ᠪᠤᠯᠬᠤᠷ ᠭᠠᠯ ᠠᠴᠠ ᠲᠤᠳᠠᠭᠤ ᠰᠢᠳᠠᠬᠰᠡᠨ ᠮᠤᠳᠤ ᠰᠤᠭᠤᠯᠵᠦ ᠠᠪᠤᠭᠠᠳ ᠦᠭᠡᠷ ᠴᠠᠮ ᠬᠠᠷᠠᠶᠢᠵᠦ ᠪᠠᠶᠢᠬᠤ ᠰᠢᠭ᠋ ᠵᠠᠭᠦᠨᠰᠢ ᠪᠠᠷᠠᠭᠤᠨᠰᠢ ᠲᠡᠪᠭᠡᠷᠴᠦ ᠪᠠᠶᠢᠬᠰᠡᠨ ᠬᠡᠨ᠎ᠡ᠃ ︽ᠦ ᠳ᠋ᠠ᠂ ᠮᠦᠨ ᠡᠨᠡ ᠤᠤ︖︾ ᠭᠡᠳ ᠰᠡᠷᠡᠭᠡ ᠪᠠᠭᠠᠳᠤᠷ ᠢ ᠲᠤᠭᠤᠵᠦ ᠶᠠᠲᠡᠨ ᠪᠤᠴᠠᠵᠠᠭᠠᠭᠰᠡᠨ ᠨᠤᠶᠠᠳ ᠤᠷᠳᠤᠨ  ᠳᠠᠭᠠᠨ ᠬᠠᠷᠢᠭᠠᠳ ᠳ᠋ᠧᠩ ᠵᠤᠯᠠ ᠶᠢᠨ ᠬᠡᠷᠡᠯ ᠳᠤ ᠦᠵᠡᠬᠦ ᠳᠤ ᠲᠠᠯᠠᠪᠦᠷ ᠲᠤ ᠪᠠᠶᠢᠬᠰᠡᠨ ᠪᠦᠬᠦ ᠬᠦᠮᠦᠰ ᠤᠨ ᠬᠤᠭᠤᠯᠠᠢ ᠳᠤ ᠬᠠᠷ᠎ᠡ ᠬᠦ᠋ ᠶᠢᠨ ᠵᠢᠷᠤᠭᠠᠰᠦ ᠲᠠᠢ ᠪᠠᠶᠢᠬᠰᠡᠨ ᠬᠡᠨ᠎ᠡ᠃ ᠲᠡᠭᠡᠭᠡᠳ ︽ᠰᠡᠷᠡᠭᠡ ᠪᠠᠭᠠᠳᠤᠷ ᠬᠡᠷᠪᠡ ᠮᠤᠳᠤ ᠡᠷᠬᠢᠭᠦᠯᠦᠭᠰᠡᠨ ᠪᠢᠰᠢ ᠰᠡᠯᠡᠮ᠎ᠡ ᠪᠠᠷᠢᠬᠰᠡᠨ ᠪᠤᠯ ᠠᠮᠢᠲᠦ ᠦᠯᠡᠲᠡᠬᠦ ᠬᠦᠮᠦᠨ ᠦᠭᠡᠢ ᠪᠠᠶᠢᠬᠰᠡᠨ︾ ᠭᠡᠵᠦ ᠨᠠᠰᠤᠳᠠᠶᠢᠴᠤᠳ ᠵᠠᠯᠪᠠᠷᠢᠨ ᠬᠠᠭᠤᠴᠢᠯᠠᠳᠠᠭ ᠪᠠᠶᠢᠬᠰᠡᠨ ᠶᠤᠮ᠃      ᠮᠠᠨᠲᠦ ᠴᠦ ᠦᠭᠡᠢ ᠵᠦᠷᠢᠭᠰᠡᠨ ᠮᠡᠷᠭᠡᠨ ᠬᠦᠮᠦᠨ ᠤ ᠤᠬᠠᠭᠠᠨ      ᠨᠢᠭᠡᠨ ᠬᠦᠮᠦᠨ ᠲᠡᠭᠡᠭᠡᠪᠦᠷᠢ ᠪᠠᠷ ᠶᠠᠪᠤᠵᠦ ᠪᠠᠶᠢᠭᠠᠳ ᠪᠤᠭᠤᠲᠦ ᠶᠢᠨ ᠲᠠᠪᠠᠭᠠᠨ ᠳᠤ ᠰᠡᠷᠡᠭᠡ ᠪᠠᠭᠠᠳᠤᠷ ᠲᠠᠢ ᠲᠠᠭᠠᠷᠠᠯᠳᠤᠵᠦ ᠬᠡᠨ᠎ᠡ᠃ ᠰᠡᠷᠡᠭᠡ ᠪᠠᠭᠠᠳᠤᠷ ᠲᠦᠷᠪᠡ ᠲᠠᠪᠤᠨ ᠰᠠᠶᠢᠨ ᠡᠷᠡᠰ ᠲᠠᠢ᠂ ᠵᠠᠭᠤᠭᠠᠳ ᠠᠳᠤᠭᠤ ᠲᠠᠭᠤᠭᠠᠳ ᠦᠩᠭᠡᠷᠡᠵᠦ ᠪᠠᠶᠢᠵᠠᠢ᠃ ᠨᠢᠭᠡᠨ ᠮᠤᠷᠢᠲᠡᠨ ᠨᠢ ᠬᠦᠷᠴᠦ ᠢᠷᠡᠭᠡᠳ᠄ ︽ᠵᠠ᠂ ᠰᠠᠶᠢᠨ ᠤᠤ︖︾ ᠭᠡᠰᠡᠨ ᠳᠤ ᠲᠠᠭᠤ ᠦᠭᠡᠢ ᠵᠦᠷᠢᠬᠦ ᠰᠡᠷᠡᠭᠡ ᠪᠠᠭᠠᠳᠤᠷ ᠢ ᠵᠢᠭᠠᠵᠦ᠄ ︽ᠲᠡᠨ ᠤ ᠨᠤᠳᠤᠭ ᠤᠨ ᠲᠡᠷᠡ ᠬᠦᠮᠦᠨ ᠢ ᠬᠡᠨ ᠬᠡᠲᠡᠭ ᠪᠢᠯᠡ︖︾ ᠭᠡᠵᠦ ᠠᠰᠠᠭᠤᠭᠰᠡᠨ ᠬᠡᠨ᠎ᠡ᠃ ᠲᠡᠭᠡᠭᠡᠪᠦᠷᠢ ᠪᠠᠷ ᠶᠠᠪᠤᠭ᠎ᠠ ᠬᠦᠮᠦᠨ ᠴᠦ ︽ᠬᠠᠯᠠ ᠦᠵᠡᠵᠦ ᠬᠠᠰᠢᠷ ᠪᠤᠯᠤᠭᠰᠡᠨ᠂ ᠬᠠᠷᠢ ᠳᠤ ᠶᠠᠪᠤᠵᠦ ᠲᠤᠬᠢ ᠪᠤᠯᠤᠭᠰᠡᠨ︾ ᠤᠬᠠᠭᠠᠯᠢᠭ ᠬᠦᠮᠦᠨ ᠪᠠᠶᠢᠭᠰᠡᠨ ᠪᠤᠯᠬᠤᠷ᠄ ︽ᠮᠠᠨ ᠤ ᠨᠤᠳᠤᠭ ᠤᠨ ᠶᠤᠮ ᠤᠤ︖ ᠬᠡᠨ ᠮᠡᠲᠡᠬᠦ ᠪᠤᠢ︖ ᠲᠠᠨᠢᠬᠤ ᠬᠦᠮᠦᠨ ᠪᠢᠰᠢ ᠡ︾ ᠭᠡᠳ ︽ᠬᠦᠭ ᠴᠦᠬᠦ ᠁ ᠭᠡᠭᠰᠡᠭᠡᠷ ᠲᠡᠷᠭᠡ ᠪᠠᠨ ᠵᠠᠯᠠᠵᠠᠢ ᠭᠡᠨ᠎ᠡ᠃ ᠰᠡᠭᠦᠯ ᠳᠤ ᠨᠢ ᠰᠡᠷᠡᠭᠡ ᠪᠠᠭᠠᠳᠤᠷ ᠲᠠᠢ ᠠᠭᠤᠯᠵᠠᠬᠤ ᠳᠤ᠄ ︽ᠲᠠ ᠭᠡᠴᠡᠭᠦᠦ ᠬᠦᠮᠦᠨ ᠪᠠᠶᠢᠨ᠎ᠡ ᠰᠢᠦ᠂ ᠲᠡᠷᠡ ᠡᠳᠤᠷ ᠲᠠᠨᠢᠬᠠᠶᠢᠷᠠᠭᠰᠡᠨ ᠪᠤᠯ ᠤᠴᠢᠷ ᠶᠠᠪᠤᠳᠡᠯ ᠶᠠᠭᠤ ᠪᠤᠯᠬᠤ ᠶᠢ ᠪᠤᠤ ᠮᠡᠲᠡ ᠁︾ ᠭᠡᠵᠦ ᠪᠠᠶᠢᠬᠰᠡᠨ ᠬᠡᠲᠡᠭ᠃                                                      ᠨᠠᠶᠢᠷᠠᠭᠤᠯᠤᠭᠴᠢ᠄ ᠤᠶᠠᠬᠠᠨ                              ᠬᠦᠢᠴᠡᠳᠭᠡᠭᠴᠢ ᠬᠢᠨᠠᠬᠴᠢ᠄ ᠸᠠᠩ ᠸᠧᠨ ᠶᠢᠩ                              ᠶᠡᠷᠦᠩᠭᠡᠢ ᠬᠢᠨᠠᠬᠴᠢ᠄ ᠵᠠᠩ ᠬᠦᠢ ᠵᠧᠨ                             ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号