ᠰᠡᠷᠡᠭᠡ ᠪᠠᠭᠠᠳᠤᠷ ᠤᠨ ᠲᠤᠮᠤᠭ
ᠨᠡᠶᠢᠲᠡᠯᠡᠭᠰᠡᠨ ᠴᠠᠭ᠄
2019-09-12
     ᠰᠡᠷᠡᠭᠡ ᠪᠠᠭᠠᠳᠤᠷ ᠬᠡᠮᠡᠭᠴᠢ ᠲᠠᠷᠬᠠᠨ ᠪᠡᠶᠢᠯᠡ ᠶᠢᠨ ᠬᠤᠰᠢᠭᠤᠨ ᠤ ︵ᠤᠳᠤ ᠶᠢᠨ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤ︶ ᠵᠢᠮᠢᠰᠲᠠᠢ ᠠᠭᠤᠯᠠ ᠶᠢᠨ ᠪᠡᠷᠭᠡ ᠪᠠᠷ ᠤᠷᠤᠩᠨᠠᠵᠦ ᠪᠠᠶᠢᠬᠰᠡᠨ ᠰᠢᠯᠢ ᠶᠢᠨ ᠰᠠᠶᠢᠨ ᠡᠷ᠎ᠡ᠂ ᠪᠠᠷᠤᠭ ᠠᠷᠪᠠᠨ ᠨᠠᠢᠮᠠᠳᠤᠭᠠᠷ ᠵᠠᠭᠤᠨ ᠤ ᠨᠠᠶᠠ ᠶᠡᠷᠡᠭᠡᠳ ᠤᠨ ᠠᠴᠠ ᠠᠷᠪᠠᠨ ᠶᠢᠰᠦᠳᠤᠭᠡᠷ ᠵᠠᠭᠤᠨ ᠤ ᠭᠤᠴᠢ ᠲᠦᠴᠢᠭᠡᠳ ᠤᠨ ᠤ ᠦᠶ᠎ᠡ ᠪᠠᠷ ᠠᠮᠢᠳᠤᠷᠠᠵᠦ ᠪᠠᠶᠢᠵᠠᠢ᠃ ᠬᠤᠰᠢᠭᠤ ᠠᠯᠤᠰᠯᠠᠨ ᠠᠳᠤᠭᠤ ᠬᠤᠯᠠᠭᠠᠶᠢᠯᠠᠵᠦ ᠵᠢᠮᠢᠰᠲᠠᠢ  ᠶᠢᠨ ᠠᠭᠤᠯᠠᠨ ᠳᠤ ᠬᠤᠷᠢᠶᠠᠬᠤ ᠪᠤᠶᠦ ᠬᠠᠯᠬ᠎ᠠ ᠠᠴᠠ ᠪᠤᠳᠠ ᠮᠠᠯ ᠭᠠᠷ ᠲᠠᠮᠵᠢᠭᠤᠯᠤᠨ᠂ ᠪᠤᠭᠤᠲᠦ ᠶᠢᠨ ᠲᠠᠪᠠᠭ᠎ᠠ ᠪᠠᠷ ᠲᠠᠪᠠᠭᠤᠯᠤᠨ ᠵᠠᠷᠤᠳᠠᠭ ᠪᠠᠶᠢᠬᠰᠡᠨ ᠶᠤᠮ ᠭᠡᠨ᠎ᠡ᠃ ᠲᠠᠷᠬᠠᠨ ᠮᠤᠤᠮᠢᠩᠭᠠᠨ ᠤ ᠨᠠᠰᠤᠳᠠᠶᠢᠴᠤᠳ ᠲᠡᠭᠦᠨ ᠤ ᠦᠯᠢᠭᠡᠷ ᠲᠤᠮᠤᠭ ᠢ ᠬᠠᠭᠤᠴᠢᠯᠠᠵᠦ᠂ ᠰᠡᠷᠡᠭᠡ ᠵᠢᠲᠡ ᠡᠷᠬᠢᠭᠦᠯᠲᠡᠭ᠂ ᠰᠡᠯᠡᠮ᠎ᠡ ᠶᠢᠨ ᠰᠢᠳᠢ ᠲᠠᠢ ᠬᠦᠮᠦᠨ ᠪᠠᠶᠢᠬᠰᠡᠨ ᠪᠤᠯᠬᠤᠷ ᠰᠡᠷᠡᠭᠡ ᠪᠠᠭᠠᠳᠤᠷ ᠭᠡᠵᠦ ᠬᠤᠴᠢᠯᠠᠵᠦ ᠲᠠᠭᠤᠳᠠᠳᠠᠭ ᠪᠠᠶᠢᠬᠰᠡᠨ ᠬᠡᠲᠡᠭ᠃      ᠠᠳᠡᠬᠦ ᠰᠢᠬᠠᠵᠦ ᠡᠷᠲᠡᠮ ᠰᠤᠷᠬᠤ ᠪᠠᠷ ᠰᠢᠢᠳᠦᠭᠰᠡᠨ ᠨᠢ      ᠰᠡᠷᠡᠭᠡ ᠪᠠᠭᠠᠳᠤᠷ ᠠᠷᠪᠠᠨ ᠵᠢᠷᠭᠤᠭᠠᠨ ᠨᠠᠰᠤᠨ ᠳᠠᠭᠠᠨ ᠠᠮᠢᠳᠤᠷᠡᠯ ᠤᠨ ᠲᠠᠷᠤᠭᠠᠰᠦ᠂ ᠠᠶᠢᠮᠠᠭ ᠤᠬᠰᠠᠭᠠᠨ ᠤ ᠬᠢᠬᠠᠯᠲᠡ ᠠᠴᠠ ᠪᠤᠯᠵᠦ ᠪᠤᠭᠤᠲᠦ ᠶᠢᠨ ᠲᠠᠪᠠᠭᠠᠨ ᠳᠤ ᠲᠤᠨᠤᠭ᠎ᠠ ᠲᠡᠭᠡᠷᠡᠮ ᠬᠢᠬᠦ ᠪᠠᠷ ᠭᠠᠷᠴᠦ ᠬᠡᠨ᠎ᠡ᠃ ᠨᠢᠭᠡᠨ ᠡᠳᠤᠷ ᠲᠠᠪᠠᠭᠠᠨ ᠳᠤ ᠨᠢᠭᠤᠭᠲᠡᠨ ᠬᠦᠯᠢᠶᠠᠵᠦ ᠪᠠᠶᠢᠬᠤ ᠳᠤ ᠨᠢ ᠮᠤᠯᠴᠤᠭ ᠬᠤᠳᠠᠷᠭ᠎ᠠ ᠲᠠᠢ ᠯᠠᠭᠤᠰᠡ ᠤᠨᠤᠵᠦ᠂ ᠲᠤᠭᠤᠷᠴᠤᠭ ᠲᠠᠷᠤᠭᠰᠡᠨ ᠰᠢᠷ᠎ᠡ ᠬᠦᠷᠮ᠎ᠡ ᠲᠠᠢ ᠬᠢᠵᠢᠶᠡᠯ ᠨᠠᠰᠤᠨ ᠤ ᠡᠷ᠎ᠡ ᠮᠦᠩᠭᠦᠨ ᠬᠡᠷᠡᠭᠯᠡᠯ ᠲᠠᠢ ᠬᠠᠰ ᠰᠢᠯᠪᠢ  ᠲᠠᠢ ᠭᠠᠩᠰᠡ ᠵᠠᠭᠤᠴᠢᠬᠠᠭᠰᠡᠨ ᠦᠩᠭᠡᠷᠡᠬᠦ ᠲᠠᠭᠠᠷᠠᠵᠦ ᠬᠡᠨ᠎ᠡ᠃ ᠦᠶ᠎ᠡ ᠵᠡᠷᠭᠡ ᠶᠢᠨ ᠬᠢ ᠳᠤ ᠪᠠᠨ ᠮᠤᠨᠳᠠᠭ ᠬᠦᠴᠦ ᠲᠠᠮᠢᠷ ᠲᠠᠢ ᠳᠤ ᠲᠤᠭᠠᠯᠠᠬᠳᠠᠳᠠᠭ ᠰᠡᠷᠡᠭᠡ ᠪᠠᠭᠠᠳᠤᠷ ᠠᠯᠳᠠᠨ ᠤᠷᠲᠦ ᠮᠤᠳᠤ ᠪᠠᠷ ᠲᠡᠷᠡ ᠬᠦᠮᠦᠨ ᠤ ᠰᠢᠯᠢᠨ ᠬᠦᠵᠦᠭᠦᠦ ᠤᠷᠤᠭᠤ ᠪᠠᠶᠢᠳᠠᠭ ᠬᠦᠴᠦ ᠪᠠᠷ ᠢᠶᠠᠨ ᠲᠡᠯᠡᠰᠴᠦ ᠤᠷᠬᠢᠬᠤ ᠳᠤ ᠬᠢᠵᠢᠶᠡᠯ ᠡᠷ᠎ᠡ ᠬᠡᠯᠪᠡᠶᠢᠰᠭᠢᠨ ᠵᠠᠶᠢᠯᠠᠵᠦ᠂ ᠫᠠᠳ᠋ ᠬᠢᠨ ᠯᠠᠭᠤᠰᠡ ᠠᠴᠠ ᠪᠠᠨ ᠦᠰᠦᠷᠴᠦ ᠪᠠᠭᠤᠭᠠᠳ ᠰᠡᠷᠡᠭᠡ ᠪᠠᠭᠠᠳᠤᠷ ᠢ ᠭᠠᠭᠴᠡ ᠬᠠᠪᠰᠤᠷᠴᠦ ᠤᠶᠢᠴᠢᠭᠤᠯᠤᠮᠠᠬᠴᠡ ᠪᠠᠨ ᠬᠤᠶᠠᠷ ᠭᠠᠷ ᠢ ᠨᠢ ᠲᠠᠬᠢᠮ ᠲᠤ ᠪᠠᠨ ᠬᠠᠪᠴᠢᠭᠤᠯᠤᠨ ᠴᠡᠭᠡᠵᠢ ᠶᠢ ᠨᠢ ᠲᠡᠭᠡᠭᠰᠢ ᠪᠠᠨ ᠬᠠᠷᠠᠭᠤᠯᠤᠨ ᠲᠠᠷᠤᠵᠦ ᠰᠠᠭᠤᠵᠦ ᠬᠡᠨ᠎ᠡ᠃      ᠨᠢᠳᠤᠯᠤᠭᠤᠯᠬᠤ ᠬᠡᠵᠦ ᠪᠠᠶᠢᠭ᠎ᠠ ᠬᠤᠨᠢ ᠰᠢᠭ᠋ ᠨᠢᠲᠦ ᠪᠠᠨ ᠪᠦᠯᠳᠡᠭᠡᠨᠡᠭᠦᠯᠬᠦ ᠠᠴᠠ ᠦᠭᠡᠷ᠎ᠡ ᠶᠠᠮᠠᠷᠴᠦ ᠠᠷᠭ᠎ᠠ ᠦᠭᠡᠢ ᠰᠡᠷᠡᠭᠡ ᠪᠠᠭᠠᠳᠤᠷ ᠲᠤᠭᠤᠢ ᠨᠤᠮᠤᠬᠠᠨ ᠬᠠᠷᠠᠵᠦ ᠬᠡᠪᠳᠠᠬᠦ ᠳᠤ ᠬᠢᠵᠢᠶᠡᠯ ᠡᠷ᠎ᠡ ᠡᠪᠦᠷ ᠠᠴᠠ ᠪᠠᠨ ᠲᠤᠩᠭᠤᠷᠠᠭ ᠭᠠᠷᠭᠠᠭᠠᠳ ᠠᠭᠠᠵᠢᠭᠤᠬᠠᠨ ᠬᠤᠭᠤᠯᠠᠢ ᠳᠤ ᠨᠢ ᠲᠤᠯᠭᠠᠵᠦ ᠬᠡᠨ᠎ᠡ᠃ ᠲᠡᠭᠡᠭᠡᠳ ᠰᠡᠷᠡᠭᠡ ᠪᠠᠭᠠᠳᠤᠷ ᠤᠨ ᠴᠢᠷᠠᠢ ᠶᠢ ᠭᠠᠶᠢᠭᠤᠢ ᠠᠵᠢᠬᠯᠠᠭᠰᠡᠨ ᠢᠶᠠᠨ᠄ ︽ᠵᠠ᠂ ᠲᠠᠷᠤᠴᠢᠬᠠᠬᠤ ᠤᠤ︖︾ ᠭᠡᠵᠦ ᠬᠡᠨ᠎ᠡ᠃ ᠰᠡᠷᠡᠭᠡ ᠪᠠᠭᠠᠳᠤᠷ᠄ ︽ᠲᠠᠷᠤᠴᠢᠬ᠎ᠠ︕︾ ᠭᠡᠳ ᠠᠵᠢᠭ ᠦᠭᠡᠢ ᠬᠡᠪᠳᠠᠵᠦ ᠪᠠᠶᠢᠬᠤ ᠪᠠᠷ ᠲᠤᠩᠭᠤᠷᠠᠭ ᠢᠶᠠᠨ ᠬᠤᠷᠢᠶᠠᠨ ᠲᠡᠳᠠᠵᠦ ᠪᠤᠰᠬᠠᠭᠠᠳ ᠬᠢᠵᠢᠶᠡᠯ ᠡᠷ᠎ᠡ᠄ ︽ᠵᠤᠷᠢᠭ ᠲᠠᠢ ᠬᠦᠦ ᠪᠠᠶᠢᠨ᠎ᠡ᠂ ᠠᠮᠢ ᠭᠤᠶᠤᠬᠤ ᠪᠠᠶᠢᠳᠤᠭᠠᠢ ᠨᠢᠲᠦ ᠪᠠᠨ ᠴᠠᠪᠴᠢᠬᠰᠡᠨ ᠴᠦ ᠪᠢ ᠲᠠᠷᠤᠴᠢᠬᠠᠬᠤ ᠪᠠᠶᠢᠬᠰᠡᠨ ᠶᠤᠮ᠃︾ ᠭᠡᠭᠰᠡᠭᠡᠷ ᠨᠡᠷ᠎ᠡ ᠤᠰᠤ ᠶᠢ ᠨᠢ ᠠᠰᠠᠭᠤᠨ᠂ ᠰᠢᠷᠢᠨ ᠲᠤᠯᠤᠮ ᠠᠴᠠ ᠪᠠᠨ ᠲᠠᠪᠢᠨ ᠴᠠᠭᠠᠨ ᠮᠦᠩᠭᠦ ᠭᠠᠷᠭᠠᠵᠦ ᠦᠭᠭᠦᠭᠡᠳ᠄ ︽ᠲᠠᠬᠢᠵᠦ ᠪᠤᠤ ᠵᠠᠮ ᠤᠨ ᠬᠦᠮᠦᠨ ᠢ ᠲᠤᠨᠤᠭᠠᠷᠠᠢ︕︾ ᠭᠡᠰᠡᠨ ᠬᠡᠨ᠎ᠡ᠃ ᠲᠡᠭᠦᠨ ᠠᠴᠠ ᠬᠤᠶᠢᠰᠢ ᠰᠡᠷᠡᠭᠡ ᠪᠠᠭᠠᠳᠤᠷ ᠲᠠᠬᠢᠵᠦ ᠲᠤᠨᠤᠭ᠎ᠠ ᠬᠢᠭᠡ ᠦᠭᠡᠢ᠂ ᠲᠡᠷᠡ ᠲᠠᠪᠢᠨ ᠴᠠᠭᠠᠨ ᠮᠦᠩᠭᠦ ᠪᠠᠷ ᠢᠶᠠᠨ ᠬᠦᠯ ᠬᠢᠵᠦ᠂ ᠭᠠᠷ ᠬᠦᠯ ᠤᠨ ᠮᠡᠭᠡ᠂ ᠬᠢᠳᠤᠭ᠎ᠠ ᠰᠡᠯᠡᠮᠠᠨ ᠤ ᠡᠷᠲᠡᠮ ᠰᠤᠷᠬᠤ ᠪᠠᠷ ᠶᠠᠪᠤᠬᠰᠡᠨ ᠶᠤᠮ ᠬᠡᠨ᠎ᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号