| ᠸᠠᠩᠨᠤᠳ ᠬᠡᠬᠡᠨᠳᠢᠪ | ᠨᠢᠭᠡ | | ᠲᠡᠷᠡ ᠴᠠᠭ ᠤᠨ ᠤᠴᠢᠷᠲᠠᠢ ᠡᠭᠡᠰᠢᠭ ᠤᠳ ᠬᠡᠨᠡᠳᠲᠡ ᠰᠤᠨᠤᠷ ᠤᠷᠤᠭᠤ ᠴᠡᠴᠡᠭ ᠤᠨ ᠬᠡ ᠪᠠᠷ | ᠵᠢᠷᠪᠢᠬᠡᠨᠡᠭᠡᠳ ᠵᠤᠬᠰᠤᠮᠠᠷ ᠪᠠᠶᠢᠬᠰᠡᠨ ᠵᠢᠷᠦᠭᠡᠨ ᠲᠤᠯᠲᠦ ᠳᠤ ᠨᠡᠪᠲᠡᠷᠡᠬᠦ ᠪᠠᠷ ᠪᠤᠳᠠᠳᠦ ᠠᠬᠤᠢ ᠠᠴᠠ ᠤᠯᠳᠠᠭ ᠦᠭᠡᠢ | ᠨᠠᠨᠳᠢᠨ ᠵᠦᠢᠯᠡᠰ ᠢᠶᠠᠨ ᠰᠡᠷᠡᠯ ᠤᠨ ᠦᠷᠦᠭᠡᠨ ᠠᠴᠠ ᠲᠡᠮᠳᠠᠴᠢᠵᠦ ᠪᠠᠶᠢᠬᠰᠡᠨ ᠤᠶᠤᠨ ᠪᠤᠳᠤᠯ ᠮᠢᠨᠢ ᠵᠢᠷᠳ᠋ᠬᠢᠪᠡ᠃ | ᠬᠠᠮᠢᠭ᠎ᠠ ᠠᠴᠠ ᠢᠷᠡᠪᠡ︖ ᠰᠡᠳᠬᠢᠯ ᠰᠠᠨᠠᠭ᠎ᠠ ᠤᠬᠠᠭᠠᠨ ᠪᠤᠳᠤᠯ ᠢ ᠬᠦᠨᠲᠡᠭᠰᠡᠨ ᠡᠨᠡ ᠠᠶᠠᠰ᠃ ᠵᠢᠷᠦᠭᠡᠨ ᠳᠤ | ᠬᠦᠷᠦᠭᠰᠡᠨ ᠦᠪᠡᠷᠮᠢᠴᠡ ᠡᠨᠡ ᠠᠶᠢᠵᠠᠮ ᠴᠡᠴᠡᠭᠲᠦ ᠨᠤᠭᠤᠭᠠᠨ ᠡᠮᠦᠨ᠎ᠡ ᠤᠷᠤᠨ ᠠᠴᠠ ᠢᠷᠡᠭᠰᠡᠨ ᠯᠡᠪ ᠪᠢᠰᠢ᠂ ᠬᠠᠷᠢᠨ | ᠦᠨᠳᠦᠷᠯᠢᠭ ᠤᠨ ᠴᠠᠰᠦ ᠶᠢ ᠤᠶᠠᠷᠠᠳᠠᠯᠡ ᠲᠤᠪᠰᠢᠭᠤᠷᠲᠠᠳᠠᠭ᠂ ᠴᠤᠭᠤᠷᠳᠠᠳᠠᠭ᠂ ᠬᠤᠭᠤᠷᠳᠠᠳᠠᠭ ᠨᠡᠭᠦᠲᠡᠯ ᠤᠨ ᠲᠡᠨᠲᠡ | ᠠᠴᠠ ᠯᠡ ᠢᠷᠡᠭᠡ ᠪᠠᠶᠢᠬ᠎ᠠ᠃ | ᠲᠡᠭᠦᠨ ᠤ ᠴᠢᠭᠯᠡᠯ ᠢ ᠵᠦᠩ ᠪᠢᠯᠢᠭ ᠢᠶᠠᠷ ᠢᠶᠠᠨ ᠲᠤᠳᠤᠯᠴᠢᠬᠠᠬᠤ ᠳᠤ ᠰᠡᠪᠰᠡᠯᠡᠵᠦ ᠪᠠᠶᠢᠭ᠎ᠠ ᠬᠦᠭᠵᠢᠮ ᠨᠢ | ᠰᠠᠷᠭᠠᠢ ᠶᠢᠨ ᠬᠡ ᠪᠠᠷ ᠲᠡᠯᠭᠡᠷᠡᠵᠦ ᠡᠬᠢᠯᠡᠪᠡ᠃ | ᠨᠢᠲᠦ ᠪᠠᠨ ᠲᠠᠭ ᠠᠨᠢᠵᠦ ᠠᠮᠢᠰᠬᠤᠯ ᠢᠶᠠᠨ ᠲᠠᠷᠤᠵᠦ᠂ ᠦᠯᠡᠲᠡᠵᠦ ᠪᠠᠶᠢᠭ᠎ᠠ ᠪᠦᠬᠦᠢ ᠡᠰ ᠢᠶᠠᠷ ᠢᠶᠠᠨ ᠴᠢᠩᠨᠡᠪᠡ᠃ | ᠰᠡᠷᠡᠭᠦᠢ ᠮᠡᠳᠠᠷᠡᠭᠦᠢ ᠮᠢᠨᠢ ᠵᠦᠲᠡᠭᠦᠦ ᠮᠠᠬᠠᠪᠤᠳ ᠢᠶᠠᠨ ᠬᠦᠴᠦᠯᠡᠨ ᠡᠷᠭᠦᠵᠦ ᠲᠡᠭᠦᠨ ᠲᠡᠶᠢᠰᠢ ᠴᠢᠭᠯᠡᠪᠡ᠃ | ᠪᠤᠯᠪᠠᠷᠠᠢ ᠲᠤᠷᠤᠶᠢᠬᠠᠨ ᠠᠮᠢ ᠠᠮᠢᠰᠬᠤᠯ ᠤᠨ ᠮᠢᠨᠢ ᠠᠪᠤᠷᠠᠬᠴᠢ ᠤᠳᠤᠨ ᠪᠠᠭᠤᠵᠦ ᠢᠷᠡᠭᠰᠡᠨ ᠢ ᠤᠬᠠᠵᠦ ᠲᠡᠭᠦᠨ | ᠵᠦᠭ ᠡᠰ ᠪᠦᠭᠦᠨ ᠢᠶᠠᠨ ᠲᠠᠬᠢᠨ ᠠᠮᠢᠵᠢᠷᠠᠭᠤᠯᠬᠤ ᠪᠠᠷ ᠲᠡᠮᠡᠦᠯᠪᠡ᠃ ᠺᠢᠲ᠋ᠠᠷ᠂ ᠱᠠᠨᠵᠠ᠂ ᠶᠠᠳᠤᠭ᠎ᠠ᠂ ᠤᠨᠴᠠᠭᠠᠶᠢᠯᠠᠨ | ᠮᠤᠷᠢᠨ ᠬᠤᠭᠤᠷ ᠤᠨ ᠬᠦᠭ ᠠᠶᠢᠵᠠᠮ ᠤᠯᠠᠮ ᠢᠶᠠᠨ ᠨᠠᠭᠠᠰᠢ ᠤᠷᠤᠰᠤᠭᠠᠳ ᠭᠤᠸ᠎ᠠ ᠴᠢᠬᠢᠷᠠᠭ ᠬᠤᠷᠤᠭᠤᠳ ᠤᠨ | ᠬᠢᠨᠢ ᠤᠷᠠᠨ ᠴᠡᠴᠡᠨ ᠬᠦᠲᠡᠯᠦᠯ ᠨᠢ ᠬᠦᠷᠲᠡᠯ᠎ᠡ ᠰᠢᠬᠠᠯᠳᠤᠨ ᠵᠢᠷᠪᠢᠯᠵᠠᠵᠦ ᠲᠤᠯᠬᠢᠶᠠᠯᠠᠵᠦ ᠢᠷᠡᠪᠡ᠃ | ᠬᠦᠭᠵᠢᠮ ᠤᠨ ᠲᠤᠮᠳᠠᠭᠤᠷ ᠪᠡ ᠵᠦᠭᠡᠯᠡᠨ ᠲᠤᠷᠭᠠᠨ ᠲᠡᠷᠯᠢᠭ ᠪᠤᠯᠵᠦ ᠲᠡᠷᠪᠡᠪᠡ᠃ ᠲᠡᠷᠯᠢᠭ ᠤᠨ ᠬᠠᠨᠴᠤᠢ ᠳᠤ | ᠬᠠᠳᠬᠤᠮᠠᠯᠯᠠᠬᠰᠡᠨ ᠤᠷᠠᠨ ᠬᠠᠵᠢᠨ ᠨᠢ ᠠᠮᠢᠯᠠᠴᠢᠬᠠᠵᠦ ᠨᠠᠳᠠ ᠠᠴᠠ ᠤᠷᠢᠳᠠᠵᠦ ᠲᠡᠷᠪᠡᠪᠡ᠃ ᠬᠦᠭᠵᠢᠮ ᠤᠨ ᠡᠨᠡᠲᠡᠭᠡ | ᠦᠵᠦᠭᠦᠷ ᠠᠴᠠ ᠲᠡᠷᠲᠡᠭᠡ ᠵᠠᠬ᠎ᠠ ᠳᠤ ᠨᠢ ᠬᠦᠷᠲᠡᠯ᠎ᠡ ᠲᠠᠨᠡᠢᠳᠡᠯᠡ ᠲᠡᠷᠪᠡᠬᠦ ᠭᠡᠵᠦ ᠠᠶᠢᠵᠠᠮ ᠢ ᠨᠢ ᠲᠠᠭᠠᠵᠦ ᠬᠦᠪᠦᠵᠦ | ᠶᠠᠪᠤᠯᠡ᠃ ᠠᠶᠢᠵᠠᠮ ᠨᠢ ᠮᠢᠨᠦ ᠦᠭᠡᠲᠡ ᠠᠩᠬᠢᠯᠤᠨ ᠮᠦᠰᠢᠶᠠᠵᠦ ᠪᠠᠶᠢᠬᠰᠡᠨ ᠢᠶᠠᠨ ᠬᠡᠨᠡᠳᠲᠡ ᠨᠠᠳᠠ ᠶᠢ ᠨᠡᠪᠳᠠᠯᠦᠭᠡᠳ | ᠲᠠᠬᠢᠨ ᠰᠦᠭᠡᠷᠬᠦ ᠴᠢᠭᠯᠡᠯ ᠢᠶᠠᠷ ᠨᠤᠲ ᠢᠶᠠᠨ ᠲᠦᠷᠡᠯᠵᠡᠭᠦᠯᠦᠨ ᠲᠤᠳᠠᠭᠠᠵᠦ ᠤᠳᠤᠯᠡ᠃ ᠮᠢᠨᠦ ᠠᠮᠢ ᠨᠠᠰᠤᠨ ᠤ | ᠡᠪᠳᠠᠷᠭᠡᠢ ᠪᠠᠯᠭᠠᠳ ᠲᠤ ᠤᠷᠢᠳ ᠭᠠᠷᠤᠭ᠎ᠠ ᠦᠭᠡᠢ ᠬᠦᠭᠵᠢᠭᠦᠨ ᠰᠢᠮᠡᠯᠢᠭ ᠲᠦᠰᠦᠷᠭᠡᠵᠦ ᠪᠠᠶᠢᠬᠰᠡᠨ ᠢᠶᠠᠨ ᠶᠠᠭᠤᠨ | ᠳᠤ ᠬᠡᠨᠡᠳᠲᠡ ᠵᠠᠶᠢᠯᠠᠵᠦ ᠤᠳᠤᠨ᠎ᠡ ᠪᠤᠢ︖ | ᠬᠦᠭᠡ ᠲᠤᠷᠭᠠᠨ ᠲᠡᠷᠯᠢᠭ ᠮᠢᠨᠢ᠂ ᠰᠡᠷᠡᠭᠦᠢ ᠶᠢᠨ ᠬᠦᠲᠡᠯᠭᠡᠭᠡᠨ ᠢ ᠮᠦᠷᠲᠡᠨ ᠬᠦᠭᠵᠢᠮ ᠤᠨ ᠴᠡᠴᠡᠭᠲᠦ ᠮᠦᠷ ᠢ | ᠨᠢ ᠮᠦᠷᠲᠡᠨ ᠠᠮᠢ ᠲᠡᠮᠡᠴᠡᠨ ᠲᠤᠯᠬᠢᠶᠠᠯᠠᠪᠡ᠃ | | ᠬᠤᠶᠠᠷ | | ᠦᠷ ᠴᠦᠷ ᠢᠶᠠᠷ ᠪᠤᠷᠤᠬᠵᠢᠭᠤᠨ ᠪᠤᠷᠦ᠂ ᠲᠤᠯᠠᠭᠠᠨ ᠰᠢᠷ᠎ᠡ᠂ ᠠᠮᠠᠷᠠᠭ ᠤᠯᠠᠭᠠᠨ᠂ ᠠᠮᠢᠵᠢᠷᠠᠯ ᠤᠨ ᠨᠤᠭᠤᠭᠠᠨ᠁ | ᠲᠤᠭ᠎ᠠ ᠦᠭᠡᠢ ᠤᠯᠠᠨ ᠬᠡᠯᠲᠡᠰ ᠲᠠᠯᠪᠢ ᠪᠠᠨ ᠪᠦᠬᠦᠨ ᠢ ᠲᠤᠯᠬᠢᠶᠠᠷᠠᠭᠤᠯᠴᠢᠬᠠᠭᠰᠡᠨ ᠬᠦᠩᠭᠡᠨ ᠡᠶᠡᠪᠡᠷᠭᠦᠦ ᠠᠶᠢᠵᠠᠮ | ᠤᠳ ᠭᠠᠷ ᠭᠠᠷ ᠢᠶᠠᠨ ᠬᠤᠯᠪᠤᠭᠠᠳ ᠪᠢᠨᠳᠤᠷᠢᠶᠡ ᠨᠤᠭᠤᠭᠠᠨ ᠤᠰᠤᠨ ᠰᠢᠭ᠋ ᠨᠦᠷᠢᠨ ᠢᠷᠡᠭᠡᠳ ᠨᠠᠮ᠎ᠡ ᠶᠢ ᠨᠤᠶᠢᠷ | ᠠᠴᠠ ᠭᠠᠷᠬᠤ ᠳᠤ᠂ ᠬᠦᠭᠵᠢᠮ ᠤᠨ ᠴᠡᠴᠡᠭᠲᠦ ᠶᠢᠷᠳᠢᠨᠴᠦ ᠳᠡᠭᠡᠨ ᠤᠬᠳᠤᠨ ᠠᠪᠴᠦ ᠪᠠᠶᠢᠭ᠎ᠠ ᠮᠡᠲᠦ ᠭᠤᠤᠯ ᠵᠢᠷᠦᠭᠡ | ᠶᠢ ᠦᠨᠦᠰᠦᠨ ᠲᠤᠬᠳᠤᠯᠤᠭᠤᠯᠵᠦ ᠪᠠᠶᠢᠯ᠎ᠠ᠃ ᠡᠨᠡ ᠨᠢ ᠲᠡᠷᠲᠡᠭᠡ ᠠᠴᠠ ᠴᠤᠤᠷᠢᠶᠠᠯᠠᠨ ᠢᠷᠡᠵᠦ ᠪᠠᠶᠢᠭ᠎ᠠ ᠬᠦᠭᠵᠢᠮ | ᠤᠨ ᠠᠶᠠᠰ ᠲᠠᠢ ᠶᠠᠭᠠᠬᠢᠬᠰᠡᠨ ᠲᠦᠷᠢ ᠲᠦᠷᠰᠦ᠂ ᠠᠶᠢᠵᠠᠮ ᠲᠦᠷᠢᠯᠭᠡ ᠲᠠᠪᠬᠤᠴᠠᠬᠤ ᠨᠢ ᠪᠤᠢ︕ | ᠠᠮᠢᠵᠢᠷᠡᠯ ᠲᠦᠯᠵᠢᠯ ᠢᠶᠠᠨ ᠰᠢᠨ᠎ᠡ ᠪᠠᠷ ᠡᠬᠢᠯᠡᠭᠦᠯᠬᠦ ᠭᠡᠵᠦ ᠬᠡᠦᠭᠡᠨ ᠬᠠᠪᠤᠷ ᠠᠴᠠ ᠵᠢᠷᠮᠤᠰᠤᠨ ᠵᠤᠨ᠂ ᠦᠷ᠎ᠡ | ᠵᠢᠮᠢᠰ ᠢᠶᠠᠨ ᠬᠦᠩᠭᠡᠵᠢᠭᠰᠡᠨ ᠲᠠᠶᠢᠪᠤᠩ ᠨᠠᠮᠦᠷ᠂ ᠠᠮᠠᠷᠠᠭ ᠦᠭᠡᠰ ᠲᠡᠭᠡᠨ ᠰᠤᠬᠳᠤᠭᠤᠷᠠᠨ ᠵᠤᠵᠠᠭᠠᠨ ᠲᠠᠬᠤ ᠳᠠᠭᠠᠨ | ᠦᠶᠡᠷᠭᠡᠨ ᠨᠠᠯᠠᠯᠴᠠᠬᠤ ᠡᠪᠤᠯ ᠤᠨ ᠡᠪᠦᠷ ᠬᠦᠷᠲᠡᠯ᠎ᠡ ᠴᠡᠩᠭᠡᠭ ᠠᠭᠠᠷ ᠲᠠᠢ ᠭᠠᠷ ᠢᠶᠠᠨ ᠬᠤᠯᠪᠤᠭᠠᠳ ᠰᠡᠳᠬᠢᠯ ᠢᠶᠠᠷ | ᠢᠶᠠᠨ ᠠᠭᠤᠰᠤᠯᠴᠠᠨ᠂ ᠲᠦᠯᠭᠡᠨ ᠠᠶᠢᠵᠠᠮ ᠤᠨ ᠰᠡᠵᠢᠭᠦᠷ ᠢ ᠨᠢ ᠴᠢᠩᠨᠠᠨ ᠲᠡᠭᠦᠨ ᠳᠡᠭᠡᠨ ᠨᠠᠭᠠᠯᠢᠩᠬᠠᠶᠢᠷᠠᠬᠰᠠᠭᠠᠷ | ᠶᠠᠪᠤᠬᠰᠡᠨ᠁ ᠲᠡᠷᠡ ᠮᠢᠨᠢ ᠴᠦ ᠨᠤᠲ ᠤᠨ ᠬᠡᠯᠪᠡᠷᠢᠲᠠᠢ ᠰᠢᠨᠠᠭᠠᠨ ᠤᠭᠠᠯᠵᠠ ᠲᠠᠢ ᠨᠠᠮᠢᠷᠠᠮᠠᠯ ᠲᠡᠷᠯᠢᠭ ᠤᠨ ᠮᠢᠨᠢ | ᠰᠢᠷᠭᠡᠭ ᠪᠦᠷᠢ ᠠᠴᠠ ᠨᠢ ᠵᠢᠩᠭᠢᠨᠠᠨ ᠠᠮᠢ ᠨᠠᠰᠤᠨ ᠤ ᠤᠤᠷ ᠬᠦᠭᠵᠢᠮ ᠢᠶᠠᠷ ᠢᠶᠠᠨ ᠨᠠᠮ᠎ᠠ ᠶᠢ ᠰᠠᠮ ᠪᠦᠪᠡᠶᠢᠯᠡᠭᠰᠡᠭᠡᠷ | ᠠᠵᠢ︕ | | ᠭᠤᠷᠪᠡ | | ᠬᠤᠷᠸ᠎ᠠ ᠶᠢᠷᠳᠢᠨᠴᠦ ᠶᠢᠨ ᠠᠮᠢ ᠨᠠᠰᠤᠨ ᠤ ᠲᠦᠯᠦᠭᠡᠨ ᠤ ᠭᠤᠴᠤ ᠬᠦᠭᠵᠢᠮ ᠮᠢᠨᠦ ᠵᠤᠬᠢᠶᠠᠨ ᠪᠢᠴᠢᠯᠭᠡ ᠶᠢᠨ | ᠴᠠᠭᠠᠰᠤᠨ ᠳᠤ ᠠᠭᠤᠰᠤᠨ ᠰᠢᠩᠭᠡᠵᠦ᠂ ᠰᠢᠯᠦᠭ ᠨᠠᠶᠢᠷᠠᠭᠤᠯᠤᠯ ᠤᠨ ᠬᠠᠭᠤᠳᠠᠰᠤᠨ ᠳᠤ ᠬᠦᠶᠦᠯᠴᠠᠨ᠂ ᠰᠡᠷᠡᠯ ᠤᠬᠠᠭᠠᠨ | ᠳᠤ ᠴᠤᠯᠬᠢᠯᠠᠨ᠂ ᠠᠮᠢᠰᠬᠤᠯ ᠳᠤ ᠴᠡᠨᠡᠭᠷᠡᠨ᠂ ᠴᠢᠰᠦᠨ ᠳᠤ ᠤᠯᠠᠭᠠᠷᠡᠨ᠂ ᠠᠮᠢ ᠨᠠᠰᠤᠨ ᠳᠤ ᠰᠢᠮ᠎ᠡ ᠲᠡᠵᠢᠭᠡᠯ | ᠦᠢᠯᠡᠳᠪᠦᠷᠢᠯᠡᠨ ᠪᠠᠶᠢᠭ᠎ᠠ ᠤᠴᠢᠷ ᠠᠴᠠ ᠪᠢ ᠲᠡᠪᠤᠨ ᠤᠳᠠᠰᠦᠨ ᠲᠡᠭᠡᠭᠦᠷ ᠲᠡᠳᠡᠭᠡᠷ ᠨᠤᠲ ᠯᠤᠭ᠎ᠠ ᠦᠯᠦ ᠦᠵᠡᠭᠲᠡᠬᠦ | ᠬᠡᠯᠪᠡᠷᠢ ᠪᠠᠷ ᠡᠯᠢᠭᠡ ᠵᠢᠷᠤᠭᠡ ᠪᠠᠨ ᠬᠤᠯᠪᠤᠨ ᠪᠦᠵᠢᠯᠳᠤᠵᠦ᠂ ᠡᠷᠡᠭᠦᠯ ᠰᠡᠷᠠᠭᠤᠯ ᠢᠶᠠᠷ ᠪᠦᠮᠪᠦᠷᠴᠡᠭ ᠢ ᠤᠷᠢᠶᠠᠬᠰᠡᠨ | ᠲᠦᠷᠪᠠᠨ ᠤᠯᠠᠷᠢᠯ ᠤᠨ ᠲᠤᠮᠳᠠᠭᠤᠷ ᠬᠡᠲᠦᠯᠦᠭᠡᠳ ᠦᠪᠡᠷ ᠤᠨ ᠬᠡᠰᠡᠨ ᠤᠨᠴᠠᠯᠢᠭ ᠲᠠᠢ ᠠᠮᠢ ᠨᠠᠰᠤᠨ ᠤ ᠦᠷᠦᠭᠡ | ᠵᠦᠭ ᠢᠶᠠᠨ ᠨᠠᠮᠢᠷᠠᠵᠦ ᠢᠷᠡᠵᠠᠢ᠃ | | ᠲᠦᠷᠪᠡ | | ᠦᠭᠦᠯ ᠪᠤᠯ ᠠᠮᠢᠳᠤᠷᠠᠬᠤ ᠶᠢᠨ ᠦᠭᠡᠷ᠎ᠡ ᠨᠢᠭᠡ ᠬᠡᠯᠪᠡᠷᠢ ᠭᠡᠲᠡᠭ ᠪᠤᠯᠪᠠᠴᠦ ᠪᠢ ᠦᠭᠦᠭᠦ ᠲᠤᠷ᠎ᠡ ᠦᠭᠡᠢ᠃ | ᠦᠰᠦᠭ ᠲᠠᠢ ᠨᠤᠮ ᠪᠡ ᠦᠰᠦᠭ ᠦᠭᠡᠢ ᠨᠤᠮ ᠲᠡᠷᠡ ᠪᠦᠬᠦᠨ ᠢ ᠠᠮᠢᠳᠤᠷᠡᠯ ᠤᠨ ᠢᠶᠠᠨ ᠬᠡᠯᠪᠡᠷᠢ ᠪᠤᠯᠭᠠᠨ | ᠠᠮᠢᠳᠤᠷᠠᠬᠤ ᠲᠤᠷᠠᠳᠠᠢ᠃ ᠠᠮᠢ ᠨᠠᠰᠤᠨ ᠤ ᠷᠤᠮᠠᠨᠲ᠋ᠢᠭ ᠬᠦᠭᠵᠢᠮ ᠢ ᠰᠤᠨᠢᠷᠬᠠᠬᠤ ᠲᠤᠷᠠᠳᠠᠢ᠃ ᠡᠶᠢᠮᠦ ᠠᠴᠠ ᠦᠯᠢᠭᠡᠷ | ᠤᠨ ᠨᠤᠮ ᠪᠡ ᠤᠶᠠᠨ ᠭᠦᠭᠵᠢᠮ ᠤᠨ ᠲᠠᠯᠠᠪᠴᠢᠨ ᠳᠤ ᠠᠶᠠᠷᠬᠠᠨ ᠡᠷᠢᠯᠬᠢᠯᠡᠨ ᠲᠡᠮᠡᠥᠯᠦᠭᠰᠡᠨ᠃ ᠦᠨᠦ ᠭᠡᠨ ᠳᠤ ᠴᠦ | ᠰᠤᠨᠤᠰᠳᠠᠬᠤ ᠦᠭᠡᠢ᠂ ᠭᠡᠨ ᠴᠦ ᠪᠢᠴᠢᠵᠦ ᠨᠠᠶᠢᠷᠠᠭᠤᠯᠵᠦ ᠴᠢᠳᠠᠬᠤ ᠦᠭᠡᠢ ᠬᠦᠭ ᠠᠶᠠᠰ ᠨᠠᠮ᠎ᠠ ᠶᠢ ᠲᠠᠨᠢᠵᠦ᠂ ᠬᠦᠰᠡᠯ | ᠡᠷᠡᠮᠡᠯᠵᠠᠯ ᠤᠨ ᠬᠡᠷᠡᠯ ᠬᠢᠯᠪᠠᠭ᠎ᠠ ᠪᠡᠯᠡᠭᠯᠡᠬᠦ ᠪᠠᠷ ᠨᠠᠭᠠᠰᠢ ᠢᠪᠡᠷᠡᠨ ᠲᠠᠪᠠᠯᠭᠠᠯᠠᠨᠡ᠃ ᠠᠮᠢ ᠨᠠᠰᠤᠨ ᠤ ᠮᠢᠨᠢ ᠨᠠᠶᠢᠰᠯᠠᠯ | ᠤᠷᠤᠭᠤ ᠠᠮᠢᠯᠠᠨ ᠤᠷᠤᠰᠤᠨ᠎ᠡ᠂ ᠪᠢ ᠵᠢᠪᠤᠴᠢᠭᠡᠯᠡ᠃ ᠨᠠᠮ᠎ᠠ ᠶᠢ ᠬᠦᠨ ᠬᠦᠪ ᠠᠴᠠ ᠪᠠᠨ ᠡᠷᠢᠨ ᠤᠯᠤᠭᠠᠳ ᠮᠢᠨᠦ ᠠᠮᠢ | ᠨᠠᠰᠤᠨ ᠤ ᠬᠦᠭ ᠠᠶᠢᠵᠠᠮ ᠤᠨ ᠲᠤᠳᠤᠷ᠎ᠡ ᠠᠴᠠ ᠰᠤᠯᠤᠭᠠᠢ ᠨᠤᠲ ᠶᠢ ᠨᠢ ᠲᠡᠭᠡᠵᠦ ᠤᠷᠬᠢᠵᠦ ᠪᠠᠶᠢᠯ᠎ᠡ᠃ ᠴᠡᠪᠡᠷᠯᠡᠨ | ᠠᠷᠢᠯᠭᠠᠵᠦ᠂ ᠡᠩᠭᠦᠷᠡᠶᠢᠯᠡᠵᠦ᠂ ᠤᠶᠤᠨ ᠰᠠᠨᠠᠭᠠᠨ ᠤ ᠪᠤᠤᠬᠢᠶ᠎ᠡ ᠮᠤᠳᠤᠨ ᠳᠤ ᠰᠠᠯᠠᠭ᠎ᠠ ᠨᠠᠮᠠᠭ᠎ᠠ ᠤᠷᠭᠤᠭᠤᠯᠬᠤ ᠪᠠᠷ | ᠰᠢᠮ᠎ᠡ ᠲᠡᠵᠢᠭᠡᠯ ᠨᠠᠶᠢᠷᠡᠨ ᠦᠭᠴᠦ ᠪᠠᠶᠢᠭ᠎ᠠ ᠶᠢ ᠮᠡᠲᠡᠷᠡᠯᠡ᠃ ᠲᠡᠭᠡᠭᠰᠡᠨ ᠴᠢᠨᠢ ᠵᠢᠷᠦᠭᠡᠨ ᠴᠤᠬᠢᠯᠭ᠎ᠠ ᠮᠢᠨᠢ ᠭᠠᠯ | ᠤᠯᠠᠭᠠᠨ ᠰᠠᠷᠭᠠᠢ ᠴᠡᠴᠡᠭ ᠤᠨ ᠬᠡᠯᠪᠡᠷᠢ ᠪᠠᠷ ᠲᠡᠯᠭᠡᠷᠡᠵᠦ ᠬᠦᠭᠵᠢᠯᠳᠤᠨᠡ᠃ ᠴᠤ᠋ ᠰᠢᠨ᠎ᠡ ᠪᠠᠷ ᠤᠷᠭᠤᠭᠰᠡᠨ ᠬᠦᠰᠡᠯ | ᠬᠦᠭᠡᠭᠡᠴᠡᠯᠳᠤᠯ᠂ ᠲᠤᠷ᠎ᠡ ᠰᠤᠨᠢᠷᠬᠠᠯ᠂ ᠬᠠᠶᠢᠷ᠎ᠡ ᠬᠦᠨᠳᠦᠳᠭᠡᠯ᠂ ᠰᠢᠳᠦᠯ ᠪᠢᠰᠢᠷᠡᠯ ᠪᠦᠬᠦᠨ ᠢ ᠲᠡᠪᠤᠨ ᠤᠳᠠᠰᠤᠳᠦ | ᠨᠤᠲ ᠲᠡᠭᠡᠷ᠎ᠡ ᠪᠠᠨ ᠬᠡᠯᠬᠢᠨ᠎ᠡ᠃ ᠡᠨᠡ ᠬᠡᠯᠬᠢᠶᠡᠨ ᠠᠴᠠ ᠪᠢ ᠱᠠᠳ ᠵᠢᠬᠡᠯᠡᠨ ᠰᠢᠯᠦᠭ ᠪᠢᠴᠢᠨ᠎ᠡ᠂ ᠬᠦᠭᠵᠢᠮ ᠵᠢᠭᠡᠯᠡᠵᠦ | ᠲᠠᠭᠤᠤ ᠵᠤᠬᠢᠶᠠᠨᠡ᠂ ᠲᠡᠭᠡᠲᠦ ᠭᠤᠸ᠎ᠠ ᠰᠠᠶᠢᠬᠠᠨ ᠤ ᠲᠦᠷᠢ ᠶᠢ ᠤᠷᠠᠯᠠᠨ ᠪᠦᠲᠦᠭᠡᠨ᠎ᠡ᠁ | | ᠲᠡᠪᠤ | | ᠨᠤᠮ ᠤᠨ ᠦᠷᠦᠭᠡᠨ ᠤ ᠬᠠᠭᠠᠯᠭ᠎ᠠ ᠠᠶᠠᠷᠬᠠᠨ ᠨᠡᠭᠡᠭᠡᠭᠲᠡᠬᠦ ᠳᠤ ᠲᠠᠯᠪᠢᠭᠤᠷ ᠲᠠᠬᠢ ᠦᠯᠢᠭᠡᠷ ᠤᠨ ᠨᠤᠮ ᠤᠨ | ᠬᠠᠭᠤᠳᠠᠰᠤᠨ ᠠᠴᠠ ᠲᠠᠨᠢᠯ ᠠᠶᠢᠵᠠᠮ ᠤᠳ ᠴᠤᠯᠬᠢᠯᠠᠨ ᠮᠢᠨᠦ ᠬᠠᠮᠤᠭ ᠤᠨ ᠬᠠᠶᠢᠷᠠᠳᠠᠢ ᠨᠤᠮ ᠤᠳ ᠢ ᠪᠠᠷᠢᠭᠠᠳ | ᠤᠬᠳᠤᠨ ᠬᠦᠶᠦᠯᠴᠠᠵᠦ ᠪᠠᠶᠢᠯ᠎ᠡ᠃ ᠡᠨᠡ ᠬᠤᠷᠤᠮ ᠳᠤ᠂ ᠤᠬᠠᠭᠠᠨ ᠪᠤᠳᠤᠯ ᠤᠨ ᠮᠢᠨᠢ ᠬᠡᠬᠡᠨ ᠲᠤᠭᠤᠷᠢᠭ ᠲᠤ ᠠᠮᠢ | ᠨᠠᠰᠤᠨ ᠤ ᠴᠡᠨᠡᠭᠯᠡᠯ ᠬᠦᠭᠵᠢᠮ ᠤᠶᠠᠩᠭᠠᠷᠡᠨ ᠪᠠᠭᠤᠭᠰᠡᠨ ᠨᠢ ᠭᠠᠶᠢᠬᠠᠯᠳᠠᠢ ᠡ᠃ | ᠪᠢ ᠦᠪᠡᠷ ᠢ ᠪᠠᠨ ᠵᠦᠲᠡᠭᠦᠭᠡᠨ ᠠᠮᠢᠳᠤᠷᠡᠵᠦ ᠢᠷᠡᠭᠰᠡᠨ ᠴᠠᠭ ᠬᠤᠭᠤᠴᠠᠭᠠᠨ ᠤ ᠬᠦᠢᠲᠡᠨ ᠦᠷᠦᠭᠡᠨ | ᠲᠤᠳᠤᠷ᠎ᠡ ᠠᠴᠠ ᠪᠠᠨ ᠡᠷᠢᠯ᠎ᠡ᠃ ᠲᠡᠷᠡ ᠬᠠᠷᠢᠨ ᠡᠷᠡᠭᠦᠯ ᠴᠢᠰᠦ ᠪᠠᠨ ᠲᠤᠶᠠᠭᠠᠷᠠᠭᠤᠯᠤᠨ᠂ ᠶᠠᠭᠠᠨ ᠴᠢᠷᠠᠢ ᠪᠠᠨ | ᠤᠯᠠᠪᠠᠯᠵᠠᠭᠤᠯᠤᠨ ᠰᠠᠷᠭᠠᠢ ᠬᠦᠭᠵᠢᠮ ᠤᠨ ᠰᠡᠨᠵᠢ ᠲᠡᠭᠡᠷ᠎ᠡ ᠲᠤᠨᠤᠯᠵᠠᠨ ᠲᠤᠶ᠋ᠢᠯᠴᠠᠨ ᠮᠦᠩᠭᠡ ᠨᠤᠭᠤᠭᠠᠨ ᠦᠷᠦᠭᠡᠨ | ᠳᠡᠭᠡᠨ ᠰᠢᠨ᠎ᠡ ᠪᠠᠷ ᠮᠠᠨᠳᠤᠯᠡᠭᠡᠳ ᠲᠠᠪᠵᠢᠶᠡᠷᠡᠵᠦ ᠪᠠᠶᠢᠯ᠎ᠡ᠃ | ᠰᠠᠷᠭᠠᠢ ᠬᠦᠭᠵᠢᠮ ᠴᠤᠷᠬᠢᠨ ᠢᠷᠡᠭᠰᠡᠨ ᠲᠡᠷᠡ ᠮᠦᠴᠡ ᠠᠴᠠ ᠠᠮᠢ ᠨᠠᠰᠦ ᠮᠢᠨᠢ ᠰᠢᠨ᠎ᠡ ᠠᠮᠢᠵᠢᠷᠡᠯ ᠢᠶᠠᠨ | ᠡᠯᠭᠦᠭᠰᠡᠨ᠃ ᠠᠮᠢ ᠨᠠᠰᠤᠨ ᠤ ᠤᠷᠢ ᠰᠠᠶᠢᠬᠠᠨ ᠰᠡᠳᠬᠢᠯᠭᠡ ᠶᠢᠨ ᠭᠤᠸ᠎ᠠ ᠰᠠᠶᠢᠬᠠᠨ᠂ ᠦᠢᠯᠡᠰ ᠤᠨ ᠲᠡᠭᠦᠯᠲᠡᠷ | ᠰᠠᠶᠢᠬᠠᠨ᠁ ᠲᠡᠷᠡ ᠪᠦᠬᠦᠨ ᠴᠢᠯᠦᠭᠡᠲᠦ ᠮᠤᠩᠭᠤᠯ ᠬᠦᠭᠵᠢᠮ ᠤᠨ ᠰᠤᠳᠤᠨ ᠲᠦᠷᠢᠯᠭᠡ ᠲᠠᠢ ᠮᠢᠷᠠᠯᠵᠠᠭᠠᠳ | ᠲᠡᠯᠡᠭᠡᠢ ᠶᠢᠨ ᠲᠡᠭᠡᠲᠦ ᠭᠤᠸ᠎ᠠ ᠰᠠᠶᠢᠬᠠᠨ ᠤ ᠨᠢᠭᠡᠨ ᠪᠢᠴᠢᠯ ᠮᠦᠴᠢᠷ ᠪᠤᠯᠤᠭᠠᠳ ᠤᠷᠭᠤᠴᠢᠬᠠᠯᠠ᠃ ᠰᠠᠷᠭᠠᠢ ᠬᠡ ᠲᠠᠢ | ᠬᠦᠭᠵᠢᠮ ᠪᠤᠶᠦ ᠰᠡᠳᠬᠢᠯ ᠤᠨ ᠢᠯᠴᠢ ᠬᠡᠷᠡᠯ᠂ ᠡᠷᠭᠡ ᠴᠢᠯᠦᠭᠡᠨ ᠤ ᠡᠷᠭᠡᠰ ᠭᠤᠷᠪᠡ ᠪᠤᠯ ᠠᠮᠢ ᠨᠠᠰᠤᠨ ᠤ ᠲᠤᠯᠭ᠎ᠠ | ᠶᠢᠨ ᠭᠤᠷᠪᠠᠨ ᠴᠢᠯᠠᠭᠤ ᠪᠠᠶᠢᠵᠠᠢ ᠡ᠃ | ᠁ ᠮᠠᠬᠠᠪᠤᠳ ᠤᠨ ᠠᠮᠢ ᠨᠠᠰᠦ ᠵᠢᠪ ᠵᠢᠩᠭᠢᠨᠢ ᠤᠷᠳᠤᠰᠤᠬᠰᠠᠭᠠᠷ᠃ ᠤᠷᠳᠤᠰᠴᠦ ᠪᠠᠶᠢᠭ᠎ᠠ ᠠᠮᠢ ᠨᠠᠰᠤᠨ | ᠠᠴᠠ ᠪᠠᠨ ᠨᠡᠩ ᠬᠤᠯᠠ ᠶᠢᠨ ᠬᠤᠯᠠ ᠶᠢᠨ ᠤᠷᠤᠨ ᠵᠠᠢ ᠳᠤ ᠠᠮᠢ ᠠᠮᠢᠵᠢᠷᠡᠯ ᠤᠨ ᠨᠠᠶᠢᠷᠠᠯ ᠬᠦᠭᠵᠢᠮ ᠴᠢᠪᠬᠠᠳᠠᠨᠡ᠃ | ᠲᠡᠷᠡ ᠦᠶ᠎ᠡ ᠳᠤ ᠮᠢᠨᠦ ᠠᠮᠢ ᠨᠠᠰᠤᠨ ᠤ ᠬᠦᠭᠵᠢᠮ᠂ ᠬᠦᠮᠦᠨ ᠪᠦᠬᠦᠨ ᠤ ᠠᠮᠢ ᠨᠠᠰᠣᠨ ᠤ ᠬᠦᠭᠵᠢᠮ ᠲᠠᠢ ᠴᠤᠬᠭᠠᠷ | ᠮᠤᠩᠭᠤᠯ ᠤᠷᠲᠦ ᠶᠢᠨ ᠲᠠᠭᠤᠨ ᠤ ᠠᠶᠢᠵᠠᠮ ᠮᠠᠲᠦ ᠮᠤᠩᠭᠤᠯ ᠤᠷᠠᠨ ᠵᠤᠬᠢᠶᠠᠯ ᠤᠨ ᠰᠦᠭ ᠰᠦᠨᠡᠰᠦ ᠮᠡᠲᠦ ᠦᠨᠢ | ᠠᠮᠢᠵᠢᠷᠠᠨ ᠲᠡᠭᠦᠯᠲᠡᠷᠵᠢᠨᠡ᠃ | |