ᠤᠮᠠᠷᠠᠲᠦ ᠸᠧᠢ ᠤᠯᠤᠰ ᠤᠨ ᠤᠷᠲᠦ ᠴᠠᠭᠠᠨ ᠬᠡᠷᠡᠮ
ᠨᠡᠶᠢᠲᠡᠯᠡᠭᠰᠡᠨ ᠴᠠᠭ᠄
2019-08-30
     ︽ᠸᠧᠢ ᠤᠯᠤᠰ ᠤᠨ ᠪᠢᠴᠢᠭ᠂ ᠲᠠᠶᠢᠽᠦ᠋ᠩ ᠤᠨ ᠲᠡᠮᠲᠡᠭᠯᠡᠯ︾ ᠳᠤ ᠲᠡᠮᠲᠡᠭᠯᠡᠭᠰᠡᠨ ᠢ ᠦᠨᠳᠦᠰᠦᠯᠡᠪᠡᠯ᠂ ︽ ᠲᠠᠢ ᠴᠠᠩ ᠤᠨ ᠨᠠᠢᠮᠠᠳᠤᠭᠠᠷ ᠤᠨ᠂ ᠴᠠᠭᠠᠨ ᠰᠡᠷ᠎ᠡ ᠶᠢᠨ ᠤᠯᠠᠭᠠᠨ ᠯᠤᠤ ᠡᠳᠤᠷ᠂ ᠿᠸᠦ ᠿᠠᠨ ᠴᠠᠶᠢᠵᠡ ᠶᠢ ᠬᠠᠯᠳᠠᠪᠠᠢ᠃ ᠬᠤᠶᠠᠳᠤᠭᠠᠷ ᠰᠡᠷ᠎ᠡ ᠶᠢᠨ ᠰᠢᠷ᠎ᠡ ᠯᠤᠤ ᠡᠳᠤᠷ ᠠᠴᠠ ᠴᠠᠩ ᠴᠤᠸᠠᠨ ᠤ ᠡᠮᠦᠨᠡᠭᠦᠷ ᠤᠷᠲᠦ ᠴᠠᠭᠠᠨ ᠬᠡᠷᠡᠮ ᠪᠠᠶᠢᠭᠤᠯᠪᠠᠢ᠃ ᡂᠢ ᠴᠧᠩ ᠠᠴᠠ ᠡᠬᠢᠯᠡᠵᠦ᠂ ᠪᠠᠷᠠᠭᠤᠨᠰᠢ ᠪᠠᠨ ᠦᠶᠤᠸᠠᠨ ᠬᠦᠷᠴᠦ᠂ ᠮᠤᠨᠠ ᠠᠭᠤᠯᠠ ᠶᠢᠨ ᠲᠡᠭᠡᠭᠦᠷ ᠰᠤᠨᠤᠯᠵᠠᠭᠤᠯᠤᠨ ᠬᠤᠶᠠᠷ ᠮᠢᠩᠭᠠᠨ ᠭᠠᠵᠠᠷ ᠪᠤᠯᠭᠠᠨ᠂ ᠰᠡᠷᠬᠡᠶᠢᠯᠡᠨ ᠬᠠᠮᠠᠭᠠᠯᠠᠬᠤ ᠳᠤᠷ ᠪᠡᠯᠡᠳᠭᠡᠵᠦᠭᠦᠢ︾ ᠬᠡᠵᠡᠢ᠃      ᠨᠡᠶᠢᠲᠡ ᠶᠢᠨ ᠤᠨ ᠲᠤᠭᠠᠯᠠᠯ ᠤᠨ 4 ᠳ᠋ᠤᠭᠡᠷ ᠵᠠᠭᠤᠨ ᠤ ᠡᠴᠤᠰ ᠲᠤ᠂ ᠰᠢᠶᠠᠨᠪᠢ ᠦᠨᠳᠦᠰᠦᠲᠡᠨ ᠤ ᠲᠦᠸᠧᠪᠡ ︵ᠲᠤᠪᠡ︶ ᠠᠶᠢᠮᠠᠭ ᠨᠢ ᠤᠮᠠᠷᠠᠲᠦ ᠸᠧᠢ ᠤᠯᠤᠰ ᠤᠨ ᠸᠠᠩᠲᠦ ᠲᠦᠷᠦ ᠶᠢ ᠪᠠᠶᠢᠭᠤᠯᠤᠭᠰᠡᠨ ᠶᠤᠮ᠃ ᠰᠢᠶᠠᠨᠪᠢ ᠦᠨᠳᠦᠰᠦᠲᠡᠨ ᠤ ᠿᠸᠦ ᠿᠠᠨ ᠠᠶᠢᠮᠠᠭ ᠭᠠᠯᠪᠡ ᠶᠢᠨ ᠭᠤᠪᠢ ᠶᠢᠨ ᠠᠷᠦ ᠦᠪᠦᠷ ᠠᠴᠠ ᠮᠠᠨᠳᠤᠭᠠᠳ᠂ ᠦᠷᠭᠦᠯᠵᠢ ᠡᠮᠦᠨᠡᠰᠢ ᠲᠦᠷᠢᠨ ᠦᠢᠮᠡᠭᠦᠯᠵᠦ ᠪᠠᠶᠢᠯ᠎ᠡ᠃ ᠿᠸᠦ ᠿᠠᠨ ᠤ ᠲᠤᠪᠳᠤᠯᠭ᠎ᠠ ᠶᠢ ᠰᠡᠷᠭᠡᠶᠢᠯᠡᠬᠦ ᠶᠢᠨ ᠲᠦᠯᠦᠭᠡ᠂ ᠤᠮᠠᠷᠠᠲᠦ ᠬᠡᠰᠡᠭ ᠲᠤ 2000 ᠭᠠᠷᠤᠢ ᠭᠠᠵᠠᠷ ᠤᠷᠲᠦ ᠴᠠᠭᠠᠨ ᠬᠡᠷᠡᠮ ᠪᠠᠶᠢᠭᠤᠯᠤᠭᠰᠡᠨ ᠶᠤᠮ᠃      ᠡᠨᠡ ᠬᠦ ᠤᠷᠲᠦ ᠴᠠᠭᠠᠨ ᠭᠡᠷᠡᠮ ᠨᠢ ᠵᠠᠭᠦᠨ ᠬᠤᠶᠢᠨ᠎ᠡ ᠠᠴᠠ ᠲᠦᠷᠪᠡᠳ ᠬᠤᠰᠢᠭᠤ ᠠᠴᠠ ᠲᠠᠷᠬᠠᠨ ᠮᠤᠤᠮᠢᠩᠭᠠᠨ ᠬᠤᠰᠢᠭᠤᠨ ᠤ ᠪᠠᠭ᠎ᠠ ᠤᠩᠭᠤᠨ ᠰᠢᠶᠠᠩ᠂ ᠰᠢᠷᠠᠮᠦ᠋ᠷᠡᠨ ᠪᠠᠯᠭᠠᠰᠤ ᠪᠠᠷ ᠤᠷᠤᠵᠦ᠂ ᠪᠠᠷᠠᠭᠤᠨ ᠡᠮᠦᠨᠡᠰᠢ  ᠪᠠᠨ ᠦᠴᠤᠸᠠᠨ ᠳᠤ ᠤᠷᠤᠭᠠᠳ ᠬᠦᠶᠠᠩ ᠢᠶᠠᠷ ᠲᠠᠮᠵᠢᠨ ᠦᠩᠭᠡᠷᠡᠵᠠᠢ᠃ ᠤᠳᠤ ᠶᠢᠨ ᠦᠯᠡᠲᠡᠭᠲᠡᠯ ᠨᠢ ᠰᠢᠷᠡᠮᠦ᠋ᠷᠡᠨ ᠪᠠᠯᠭᠠᠰᠤᠨ ᠤ ᠵᠠᠰᠠᠭ ᠤᠨ ᠤᠷᠤᠨ ᠤ ᠰᠠᠭᠤᠭ᠎ᠠ ᠭᠠᠵᠠᠷ ᠤᠨ ᠪᠠᠷᠠᠭᠤᠨ ᠬᠤᠶᠢᠨ᠎ᠡ 4 ᠺᠢᠯᠤᠮᠧᠲᠷ ᠭᠠᠵᠠᠷ ᠲᠤ ᠤᠯᠵᠦ ᠬᠠᠷᠠᠬᠳᠠᠨ᠎ᠡ᠃ ᠰᠢᠷᠤᠢ ᠶᠢᠨ ᠲᠠᠯᠠᠩ ᠤᠨ ᠬᠢᠯᠢ ᠶᠢᠨ ᠬᠡᠷᠡᠮ ᠨᠢ ᠦᠷᠭᠡᠨ ᠢᠶᠠᠷ ᠢᠶᠠᠨ ᠪᠠᠷᠤᠭ 3 ᠮᠧᠲᠷ᠂ ᠦᠨᠳᠦᠷ ᠢᠶᠠᠷ ᠢᠶᠠᠨ ᠪᠠᠷᠤᠭ 0.5 ᠮᠧᠲᠷ᠃ ᠬᠤᠰᠢᠭᠤᠨ ᠤ ᠬᠢᠵᠠᠭᠠᠷ ᠲᠤ ᠪᠠᠷᠤᠭ 35 ᠺᠢᠯᠤᠮᠧᠲᠷ ᠲᠠᠮᠵᠢᠨ ᠦᠩᠭᠡᠷᠡᠵᠠᠢ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号