| ᠰᠢᠷᠠᠮᠦ᠋ᠷᠡᠨ ᠪᠠᠯᠭᠠᠰᠤ ᠶᠢᠨ ᠵᠠᠰᠠᠭ ᠤᠨ ᠤᠷᠳᠤᠨ ᠤ ᠰᠠᠭᠤᠭ᠎ᠠ ᠭᠠᠵᠠᠷ ︵ᠵᠤᠤ ᠾᠧ︶ ᠠᠴᠠ ᠪᠠᠷᠠᠭᠤᠨᠰᠢ | ᠪᠠᠷᠤᠭ 2 ᠺᠢᠯᠤᠮᠧᠲᠷ ᠵᠠᠢ ᠳᠤ ᠴᠢᠩ ᠬᠦᠷᠢᠶ᠎ᠡ ᠲᠤᠰᠬᠤᠨ ᠪᠤᠢ᠂ ᠲᠤᠰᠬᠤᠨ ᠤ ᠪᠠᠷᠠᠭᠤᠨᠳᠠᠢ ᠡᠷᠲᠡᠨ ᠤ ᠨᠢᠭᠡ | ᠬᠤᠲᠡ ᠪᠤᠢ᠃ ᠰᠢᠷᠠᠮᠦ᠋ᠷᠡᠨ ᠭᠤᠤᠯ ᠨᠢ ᠬᠤᠲᠡ ᠶᠢ ᠦᠩᠭᠡᠷᠡᠵᠦ᠂ ᠡᠷᠲᠡᠨ ᠤ ᠬᠤᠲᠡ ᠨᠢ ᠡᠨᠡ ᠭᠤᠤᠯ ᠤᠨ | ᠭᠤᠷᠪᠠᠯᠵᠢᠨ ᠲᠤᠬᠤᠢ ᠳᠤ ᠪᠠᠶᠢᠷᠢᠰᠢᠵᠦ᠂ ᠬᠤᠲᠡ ᠶᠢᠨ ᠬᠡᠷᠡᠮ ᠨᠢ ᠬᠡᠰᠡᠭ ᠲᠡᠭᠡᠨ ᠦᠷᠭᠦᠯᠵᠢᠯᠠᠨ ᠬᠡᠰᠡᠭ ᠲᠡᠭᠡᠨ | ᠲᠠᠰᠤᠷᠠᠵᠦ᠂ ᠤᠳᠤ 2 — 5 ᠮᠧᠲᠷ ᠪᠠᠶᠢᠵᠦ ᠦᠨᠳᠦᠷ ᠨᠢ ᠠᠳᠠᠯᠢ ᠦᠭᠡᠢ᠃ ᠲᠡᠯ᠎ᠡ ᠪᠦᠷᠢ ᠶᠢᠨ ᠤᠷᠳᠤ ᠨᠢ 400 | ᠭᠠᠷᠤᠢ ᠮᠧᠲᠷ᠂ ᠪᠠᠷᠤᠭ ᠲᠡᠭᠰᠢ ᠲᠦᠷᠪᠠᠯᠵᠢᠨ ᠬᠡᠯᠪᠡᠷᠢᠲᠠᠢ᠃ ᠪᠠᠷᠠᠭᠤᠨ ᠬᠤᠶᠢᠨ᠎ᠡ ᠬᠤᠶᠠᠷ ᠲᠡᠯ᠎ᠡ ᠳᠤ ᠨᠢ ᠡᠭᠦᠲᠡ | ᠭᠠᠷᠭᠠᠵᠦ᠂ ᠡᠭᠦᠲᠡᠨ ᠲᠡᠭᠡᠷ᠎ᠡ ᠨᠢ ᠲᠤᠰᠪᠦᠷᠢ ᠬᠤᠶᠠᠷ ᠲᠤᠮᠤ ᠰᠢᠷᠤᠢ ᠶᠢᠨ ᠲᠤᠪᠤ ᠲᠠᠢ᠂ ᠪᠠᠯᠠᠷᠬᠠᠢ ᠪᠠᠭᠤᠷᠢ ᠶᠢ | ᠲᠤᠳᠤᠯᠠᠵᠦ ᠪᠤᠯᠤᠮᠠᠷ᠂ ᠤᠤᠯ ᠳᠠᠭᠠᠨ ᠪᠠᠷᠢᠯᠭ᠎ᠠ ᠪᠠᠶᠢᠬᠰᠡᠨ ᠪᠤᠯᠤᠯᠳᠠᠢ᠃ ᠬᠤᠲᠡ ᠶᠢᠨ ᠬᠡᠷᠡᠮ ᠤᠨ ᠲᠦᠷᠪᠠᠨ | ᠦᠨᠴᠦᠭ ᠲᠤ ᠲᠤᠰᠪᠦᠷᠢ ᠨᠢᠭᠡ ᠲᠤᠮᠤ ᠰᠢᠷᠤᠢ ᠶᠢᠨ ᠤᠪᠤᠭ᠎ᠠ ᠪᠠᠶᠢᠬᠤ ᠨᠢ ᠲᠤᠬᠠᠢ ᠶᠢᠨ ᠦᠶ᠎ᠡ ᠶᠢᠨ ᠦᠨᠴᠦᠭ ᠤᠨ | ᠲᠠᠬᠲᠦ ᠶᠢᠨ ᠨᠤᠷᠠᠬᠰᠡᠨ ᠪᠠᠭᠤᠷᠢ ᠠᠵᠢ᠃ | ᠬᠤᠲᠡ ᠲᠤᠳᠤᠷᠠᠬᠢ ᠭᠠᠵᠠᠷ ᠤᠨ ᠪᠠᠶᠢᠴᠡ ᠨᠢ ᠲᠡᠭᠰᠢᠭᠡᠨ᠂ ᠡᠪᠡᠰᠦ ᠰᠢᠷᠠᠯᠵᠢ ᠭᠠᠵᠠᠷ ᠪᠦᠷᠬᠦᠵᠦ᠂ ᠪᠠᠷᠠᠭᠤᠨ | ᠡᠮᠦᠨ᠎ᠡ ᠬᠡᠰᠡᠭ ᠲᠤ ᠨᠢ ᠭᠤᠷᠪᠠᠨ ᠲᠤᠮᠤ ᠰᠢᠷᠤᠢ ᠶᠢᠨ ᠲᠤᠪᠤ ᠪᠠᠶᠢᠬᠤ ᠨᠢ ᠲᠤᠬᠠᠢ ᠶᠢᠨ ᠵᠢᠯ ᠤᠨ ᠪᠠᠷᠢᠯᠭ᠎ᠠ ᠶᠢᠨ | ᠨᠤᠷᠠᠭᠰᠡᠨ ᠪᠠᠭᠤᠷᠢ ᠶᠤᠮ ᠪᠠᠶᠢᠨ᠎ᠡ᠃ ᠲᠡᠭᠦᠨ ᠤ ᠲᠡᠭᠡᠷ᠎ᠡ ᠨᠡᠯᠢᠶᠠᠳ ᠠᠷᠪᠢᠨ ᠬᠠᠪᠳᠠᠭᠠᠢ ᠸᠠᠭᠠᠷ᠂ ᠲᠦᠭᠦᠮ ᠸᠠᠭᠠᠷ᠂ | ᠴᠠᠭᠠᠨ ᠱᠠᠭᠠᠵᠠᠩ ᠤᠨ ᠬᠡᠯᠳᠡᠷᠭᠡᠢ ᠵᠡᠷᠭᠡ ᠪᠤᠢ᠃ | ᠡᠷᠲᠡᠨ ᠤ ᠬᠤᠲᠡ ᠶᠢᠨ ᠵᠡᠭᠦᠨ ᠬᠤᠶᠢᠨ᠎ᠡ ᠪᠠᠰᠡ ᠨᠢᠭᠡ ᠵᠢᠵᠢᠭ ᠬᠤᠲᠡ ᠪᠠᠶᠢᠭᠤᠯᠤᠭᠰᠡᠨ ᠪᠠᠶᠢᠵᠠᠢ᠃ ᠬᠤᠲᠡ | ᠶᠢᠨ ᠲᠤᠳᠤᠷ᠎ᠡ ᠨᠢ ᠵᠠᠭᠦᠨᠰᠢ ᠪᠠᠷᠠᠭᠤᠨᠰᠢ ᠴᠢᠭᠯᠡᠯ ᠲᠠᠢ ᠰᠢᠷᠤᠢ ᠶᠢᠨ ᠬᠡᠷᠡᠮ ᠪᠠᠶᠢᠵᠦ᠂ ᠵᠢᠵᠢᠭ ᠬᠤᠲᠡ ᠶᠢ ᠡᠮᠦᠨ᠎ᠡ | ᠬᠤᠶᠢᠨ᠎ᠡ ᠬᠤᠶᠠᠷ ᠬᠡᠰᠡᠭ ᠲᠠᠰᠤᠯᠵᠠᠢ᠃ ᠬᠤᠲᠡ ᠶᠢᠨ ᠲᠤᠳᠤᠷᠡᠬᠢ ᠭᠠᠵᠠᠷ ᠤᠨ ᠪᠠᠶᠢᠴᠡ ᠨᠢ ᠲᠡᠭᠰᠢᠪᠳᠤᠷ᠂ ᠰᠤᠶᠤᠯ | ᠤᠨ ᠦᠯᠡᠲᠡᠭᠲᠡᠯ ᠡᠳ᠋ ᠪᠠᠶᠢᠬᠤ ᠦᠭᠡᠢ᠃ ᠵᠠᠳᠠᠯᠤᠯᠲᠡ ᠲᠦᠰᠦᠭᠡᠯᠡᠯ ᠢ ᠦᠨᠳᠦᠰᠦᠯᠡᠪᠡᠯ᠂ ᠴᠢᠩ ᠬᠦᠷᠢᠶ᠎ᠡ ᠨᠢ ᠡᠷᠲᠡᠨ | ᠤ ᠬᠤᠲᠡ ᠶᠢᠨ ᠲᠠᠶᠢᠨ ᠤ ᠠᠬᠲᠡ ᠪᠤᠶᠦ ᠮᠠᠯ ᠲᠡᠵᠢᠭᠡᠬᠦ ᠭᠠᠵᠠᠷ ᠪᠠᠶᠢᠵᠠᠢ᠃ |