ᠲᠡᠮᠡᠭᠡᠨ ᠵᠢᠩ ᠤᠨ ᠵᠠᠮ ᠦᠷᠲᠡᠭᠡ
ᠨᠡᠶᠢᠲᠡᠯᠡᠭᠰᠡᠨ ᠴᠠᠭ᠄
2019-11-12
     ᠲᠡᠦᠭᠡᠨ ᠲᠡᠭᠡᠷᠡᠬᠢ ᠬᠤᠶᠠᠷ ᠵᠤᠷᠪᠤᠰ ᠲᠡᠮᠡᠭᠡᠨ ᠵᠢᠩ ᠤᠨ ᠵᠠᠮ ᠪᠦᠷ ᠲᠠᠷᠬᠠᠨ ᠮᠤᠤᠮᠢᠩᠭᠠᠨ ᠬᠤᠰᠢᠭᠤᠨ ᠤ ᠨᠤᠳᠤᠭ ᠢᠶᠠᠷ ᠦᠩᠭᠡᠷᠡᠲᠡᠭ ᠶᠤᠮ᠃ ᠨᠢᠭᠡ ᠵᠠᠮ ᠨᠢ ᠰᠢᠷᠠᠮᠦ᠋ᠷᠡᠨ᠂ ᠪᠠᠳᠤᠬᠠᠭᠠᠯᠭ᠎ᠠ ᠪᠠᠷ ᠲᠠᠮᠵᠢᠨ ᠰᠢ ᠾᠧ᠂ ᠰᠢᠨᠠᠪᠤᠯᠠᠭ ᠵᠡᠷᠭᠡ ᠭᠠᠵᠠᠷ ᠢᠶᠠᠷ ᠦᠩᠭᠡᠷᠡᠨ ᠪᠠᠷᠠᠭᠤᠨᠰᠢᠯᠠᠵᠦ ᠲᠤᠷᠭᠠᠨ ᠵᠠᠮ ᠲᠠᠢ ᠨᠡᠶᠢᠯᠡᠨ ᠰᠢᠭᠤᠳ ᠰᠢᠨᠵᠢᠶᠠᠩ ᠳᠤ ᠨᠠᠪᠳᠠᠷᠡᠨ᠎ᠡ᠃ ᠨᠤᠳᠤᠭ ᠤᠨ ᠬᠦᠮᠦᠰ ᠡᠨᠡ ᠵᠡᠮ ᠢ ᠬᠦᠮᠪᠦᠨ ᠰᠢᠷ᠎ᠡ ᠵᠠᠮ ᠪᠤᠶᠦ ᠮᠢᠩᠭᠠᠨ ᠪᠤᠷᠬᠠᠨ ᠤ ᠵᠠᠮ ᠭᠡᠲᠡᠭ ᠶᠤᠮ᠃ ᠨᠦᠬᠦᠭᠡ ᠨᠢᠭᠡ ᠵᠠᠮ ᠨᠢ ᠰᠢᠷᠡᠮᠦ᠋ᠷᠡᠨ ᠢᠶᠠᠷ ᠦᠩᠭᠡᠷᠡᠨ ᠤᠮᠠᠷᠠᠰᠢ ᠡᠷᠳᠡᠨᠢᠠᠤᠪᠤᠭ᠎ᠠ᠂ ᠴᠠᠭᠠᠨᠬᠠᠲᠡ᠂ ᠮᠠᠨᠳᠤᠯ ᠤᠨ ᠵᠡᠭᠦᠨ ᠪᠡᠶ᠎ᠡ ᠪᠠᠷ ᠭᠠᠷᠴᠦ ᠰᠢᠭᠤᠳ ᠮᠤᠩᠭᠤᠯ ᠤᠯᠤᠰ ᠤᠨ ᠤᠯᠠᠭᠠᠨᠪᠠᠭᠠᠳᠤᠷ ᠲᠤ ᠨᠡᠪᠳᠡᠷᠡᠨ᠎ᠡ᠃ ᠡᠨᠡ ᠬᠤᠶᠠᠷ ᠠᠷᠠᠯᠵᠢᠶᠠᠨ ᠤ ᠲᠡᠮᠡᠭᠡᠨ ᠵᠢᠩ ᠤᠨ ᠵᠠᠮ ᠨᠢ ᠲᠤᠬᠠᠢ ᠶᠢᠨ ᠦᠶ᠎ᠡ ᠳᠡᠭᠡᠨ ᠬᠦᠲᠡᠭᠡ ᠨᠤᠳᠤᠭ ᠤᠨ ᠬᠦᠭᠵᠢᠯᠲᠡ ᠳᠤ ᠶᠡᠭᠡ ᠦᠢᠯᠡᠳᠤᠯ ᠦᠵᠡᠭᠦᠯᠵᠦ ᠪᠠᠶᠢᠪᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号