ᠵᠢᠮᠢᠰᠲᠠᠢ ᠠᠭᠤᠯᠠ ᠶᠢᠨ ᠦᠯᠢᠭᠡᠷ
ᠨᠡᠶᠢᠲᠡᠯᠡᠭᠰᠡᠨ ᠴᠠᠭ᠄
2019-11-26
     ᠪᠠᠳᠤᠬᠠᠭᠠᠯᠭ᠎ᠠ ᠠᠴᠠ ᠪᠠᠷᠠᠭᠤᠨ ᠬᠤᠶᠢᠰᠢ ᠲᠦᠴᠢᠨ ᠭᠠᠵᠠᠷ ᠤᠨ ᠵᠠᠢ ᠳᠠᠬᠢ ᠪᠠᠶᠠᠨᠪᠤᠬᠲᠡ ᠤᠪᠤᠭᠠᠨ ᠤ ᠵᠠᠭᠦᠨ ᠬᠤᠶᠢᠲᠦ ᠲᠤᠤᠷ᠎ᠡ ᠪᠤᠯᠠᠭ ᠤᠷᠬᠢᠯᠵᠦ ᠭᠤᠷᠤᠬ᠎ᠠ ᠬᠤᠷᠴᠢᠬᠢᠨᠠᠨ ᠤᠷᠤᠰᠤᠭᠰᠡᠨ ᠰᠦᠵᠢᠭ ᠲᠦᠷᠦᠭᠳᠡᠭᠦᠯᠦᠮ᠎ᠡ ᠠᠰᠬ᠎ᠠ ᠬᠠᠲᠡ ᠱᠤᠪᠬᠤ ᠤᠷᠬᠢᠯ ᠲᠠᠢ ᠤᠷᠭᠤᠮᠠᠯ ᠤᠨ ᠰᠠᠶᠢᠬᠠᠨ ᠪᠦᠷᠢᠯᠳᠦᠭᠰᠡᠨ ᠠᠭᠤᠯᠠ ᠶᠢ ᠵᠢᠮᠢᠰᠲᠠᠢ ᠠᠭᠤᠯᠠ ᠭᠡᠲᠡᠭ ᠶᠤᠮ᠃ ᠠᠲᠡ ᠲᠤᠷᠠᠳᠤᠭᠤᠰᠢᠳᠠᠢ ᠬᠤᠶᠠᠷ ᠵᠦᠢᠯ ᠤᠨ ᠤᠴᠢᠷ ᠪᠠᠶᠢᠳᠠᠭ ᠢ ᠰᠤᠨᠢᠷᠬᠠᠭᠤᠯᠤᠶ᠎ᠡ︕      ᠰᠢᠷᠭᠤᠤᠯ ᠬᠠᠳᠠ      ᠵᠢᠮᠢᠰᠳᠠᠢ ᠶᠢᠨ ᠭᠤᠤᠯ ᠤᠷᠬᠢᠯ ᠠᠴᠠ ᠪᠠᠷᠠᠭᠤᠨ ᠬᠤᠶᠢᠰᠢ ᠨᠢᠭᠡ ᠭᠠᠵᠠᠷ ᠤᠨ ᠪᠠᠷᠤᠭ ᠲᠤ ᠪᠠᠷᠠᠭᠤᠨ ᠤᠷᠤᠭᠰᠢ ᠪᠠᠨ ᠰᠤᠨᠤᠵᠦ ᠪᠠᠶᠢᠷᠢᠯᠠᠬᠰᠡᠨ ᠬᠤᠶᠠᠷ ᠲᠠᠪᠬᠤᠷ ᠰᠢᠷᠭᠤᠤᠯ ᠬᠠᠳᠠ ᠪᠠᠶᠢᠵᠦ᠂ ᠲᠡᠭᠡᠷ᠎ᠡ ᠨᠢ ᠶᠠᠩᠭᠢᠷ ᠢᠮᠠᠭᠠᠨ ᠤ ᠵᠢᠷᠤᠭ ᠰᠡᠶᠢᠯᠦᠭᠡᠰᠦᠳᠠᠢ ᠪᠤᠢ᠃ ᠡᠷᠲᠡ ᠦᠶ᠎ᠡ ᠳᠤ ᠨᠢᠭᠡ ᠶᠠᠩᠭᠢᠷ ᠢᠮᠠᠭ᠎ᠠ ᠭᠠᠯᠵᠠᠭᠤᠷᠠᠭᠠᠳ ᠠᠲᠡ ᠲᠡᠨᠲᠡ ᠲᠠᠪᠬᠢᠵᠦ ᠶᠠᠪᠤᠬᠰᠠᠭᠠᠷ ᠪᠠᠶᠢᠭᠠᠳ ᠡᠨᠡ ᠰᠢᠷᠭᠤᠤᠯ ᠬᠠᠳᠠᠨ ᠤ ᠲᠤᠤᠷᠡᠲᠦ ᠨᠦᠭᠡ ᠪᠠᠷ ᠰᠢᠷᠭᠤᠨ ᠭᠠᠷᠴᠦ ᠭᠠᠯᠵᠠᠭᠤ ᠡᠪᠡᠳᠴᠢᠨ ᠨᠢ ᠡᠳᠡᠭᠡᠷᠡᠪᠡ᠂ ᠲᠡᠭᠦᠨ ᠠᠴᠠ ᠬᠤᠶᠢᠰᠢ ᠨᠤᠳᠤᠭ ᠤᠨ ᠠᠷᠡᠳ ᠭᠡᠷᠪᠡ ᠭᠠᠯᠵᠠᠭᠤ ᠨᠤᠬᠠᠢ ᠳᠤ ᠬᠠᠵᠠᠭᠳᠠᠪᠡᠯ ᠡᠨᠡ ᠰᠢᠷᠭᠤᠤᠯ ᠬᠠᠳᠠᠨ ᠳᠤ ᠢᠷᠡᠵᠦ ᠰᠢᠷᠭᠤᠨ ᠡᠪᠡᠳᠴᠢᠨ ᠢᠶᠠᠨ ᠵᠠᠰᠠᠳᠠᠭ ᠠᠴᠠ ᠰᠢᠷᠭᠤᠤᠯ ᠬᠠᠳᠠᠨ  ᠳᠤ ᠠᠷᠪᠢᠨ ᠬᠠᠳᠠᠭ ᠰᠠᠮᠪᠠᠢ ᠤᠶᠠᠭᠠᠳᠠᠢ ᠪᠠᠶᠢᠳᠠᠭ ᠶᠤᠮ᠃      ᠵᠢᠮᠢᠰᠳᠠᠢ ᠰᠦᠮ᠎ᠡ      ᠵᠢᠮᠢᠰᠳᠠᠢ ᠶᠢᠨ ᠭᠤᠤᠯ ᠤᠷᠬᠢᠯ ᠠᠴᠠ ᠬᠤᠶᠢᠰᠢ ᠨᠢᠭᠡ ᠠᠭᠤᠯᠠ ᠶᠢ ᠲᠠᠪᠠᠭᠠᠳ ᠲᠠᠷᠠᠭ᠎ᠠ ᠠᠭᠤᠯᠠ ᠶᠢᠨ ᠬᠢᠨᠢ ᠨᠠᠷᠠᠨ ᠡᠭᠡᠪᠦᠷ ᠲᠤ ᠡᠷᠬᠢ ᠶᠢᠨ ᠡᠭᠴᠡ ᠲᠡᠭᠡᠷᠡᠬᠢ ᠪᠢᠴᠢᠬᠠᠨ ᠬᠠᠪᠳᠠᠭᠠᠢ ᠲᠡᠭᠡᠷ᠎ᠡ ᠨᠢᠭᠡ ᠰᠦᠮ᠎ᠡ ᠶᠢᠨ ᠪᠠᠭᠤᠷᠢ ᠪᠤᠢ᠂ ᠡᠨᠡ ᠨᠢ ᠲᠠᠷᠤᠢ ᠵᠢᠮᠢᠰᠳᠠᠢ ᠰᠦᠮ᠎ᠡ ᠪᠤᠯᠤᠨ᠎ᠡ᠃ ᠵᠢᠮᠢᠰᠳᠠᠢ ᠰᠦᠮ᠎ᠡ ᠶᠢ ᠪᠦᠷᠢᠨ ᠵᠠᠰᠠᠬᠴᠢ ᠬᠠᠭᠠᠨ ᠤ ᠠᠷᠪᠠᠨ ᠨᠢᠭᠡᠳᠤᠭᠡᠷ ᠤᠨ ︵1872 ᠤᠨ︶ ᠳᠤ᠂ ᠬᠠᠯᠬ᠎ᠠ ᠪᠠᠷᠠᠭᠤᠨ ᠭᠠᠷᠤᠨ ᠬᠤᠰᠢᠭᠤᠨ ᠤ ᠪᠠᠷᠠᠭᠤᠨ ᠠᠶᠢᠮᠠᠭ ᠠᠴᠠ ᠪᠠᠯᠡ ᠮᠦᠩᠭᠦ ᠭᠠᠷᠭᠠᠵᠦ᠂ ᠰᠢᠷᠡᠪ ᠯᠠᠮᠠ ᠪᠠᠶᠢᠭᠤᠯᠤᠭᠰᠡᠨ ᠶᠤᠮ᠃ ᠲᠤᠬᠠᠢ ᠶᠢᠨ ᠦᠶ᠎ᠡ ᠳᠤ ᠲᠦᠷᠪᠡ ᠲᠠᠪᠤᠬᠠᠨ ᠯᠠᠮᠠ ᠲᠠᠢ ᠪᠠᠶᠢᠵᠠᠢ᠃ ᠲᠤᠮᠳᠠᠲᠦ ᠢᠷᠭᠡᠨ ᠤᠯᠤᠰ ᠤᠨ ᠭᠤᠴᠢᠨ ᠨᠢᠭᠡᠳᠤᠭᠡᠷ ᠤᠨ ︵1942 ᠤᠨ︶ ᠳᠤ ᠰᠦᠮ᠎ᠡ ᠶᠢ ᠬᠠᠷᠢᠭᠤᠴᠠᠵᠦ ᠬᠠᠮᠢᠶᠠᠷᠬᠤ ᠬᠦᠮᠦᠨ ᠦᠭᠡᠢ ᠲᠠᠯᠠᠨ ᠵᠠᠳᠠᠭᠠᠢ ᠪᠤᠯᠤᠭᠰᠡᠨ ᠢᠶᠠᠷ ᠬᠤᠰᠢᠭᠤ ᠶᠠᠮᠤᠨ ᠠᠴᠠ ᠵᠠᠷᠯᠢᠭ ᠪᠠᠭᠤᠯᠭᠠᠵᠦ ᠰᠦᠮ᠎ᠡ ᠶᠢᠨ ᠪᠤᠷᠬᠠᠨ ᠤ ᠬᠦᠷᠦᠭ ᠪᠤᠯᠤᠨ ᠨᠤᠮ ᠰᠤᠳᠤᠷ ᠢ ᠪᠠᠳᠤᠬᠠᠭᠠᠯᠭ᠎ᠠ ᠶᠢᠨ ᠰᠦᠮ᠎ᠡ ᠳᠤ ᠰᠢᠯᠵᠢᠭᠦᠯᠵᠦ ᠲᠤᠰᠢᠶᠠᠭᠠᠳ ᠰᠦᠮ᠎ᠡ ᠬᠡᠶᠢᠳ ᠢ ᠨᠢ ᠨᠤᠷᠠᠭᠠᠭᠰᠡᠨ ᠪᠠᠶᠢᠨ᠎ᠡ᠃                                                   ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号