| ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠡᠷᠳᠡᠨᠢᠠᠤᠪᠤᠭ᠎ᠠ ᠰᠤᠮᠤ ᠶᠢᠨ ᠬᠠᠰᠢᠶᠠᠲᠦ ᠭᠠᠴᠠᠭᠠᠨ ᠤ | ᠵᠡᠭᠦᠨ ᠡᠮᠦᠨ᠎ᠡ᠂ ᠠᠯᠳᠠᠨ ᠤᠯᠤᠰ ᠤᠨ ᠭᠤᠤ ᠶᠢᠨ ᠡᠮᠦᠨ᠎ᠡ᠂ ᠲᠡᠭᠰᠢ ᠤᠷᠤᠢ ᠲᠠᠢ ᠰᠤᠪᠤᠷᠭ᠎ᠠ ᠰᠢᠭ᠋ ᠵᠢᠵᠢᠭ ᠠᠭᠤᠯᠠ | ᠪᠠᠶᠢᠳᠠᠭ ᠢ ᠲᠤᠬᠠᠢ ᠶᠢᠨ ᠭᠠᠵᠠᠷ ᠤᠨ ᠮᠤᠩᠭᠤᠯᠴᠤᠳ ︽ᠮᠤᠬᠤᠷ ᠰᠤᠪᠤᠷᠭ᠎ᠠ︾ ᠬᠡᠵᠦ ᠨᠡᠷᠡᠯᠡᠲᠡᠭ᠃ ᠠᠭᠤᠯᠠ ᠶᠢᠨ | ᠡᠩᠭᠡᠷ ᠲᠤ ᠶᠤᠸᠠᠨ ᠤᠯᠤᠰ ᠤᠨ ᠦᠶ᠎ᠡ ᠶᠢᠨ ᠨᠢᠭᠡᠨ ᠡᠷᠲᠡᠨ ᠤ ᠬᠤᠲᠡ ᠶᠢᠨ ᠦᠯᠡᠲᠡᠭᠲᠡᠯ ᠪᠠᠭᠤᠷᠢ ᠪᠤᠢ᠂ ᠡᠨᠡ | ᠬᠤᠲᠡ ᠨᠢ ᠮᠤᠬᠤᠷ ᠰᠤᠪᠤᠷᠭ᠎ᠠ ᠶᠢᠨ ᠤᠶᠢᠷᠠᠯᠴᠠᠭ᠎ᠠ ᠪᠠᠶᠢᠳᠠᠭ ᠲᠤᠯᠠ ᠬᠤᠵᠢᠮ ᠨᠢ ᠠᠲᠡᠬᠢ ᠬᠦᠮᠦᠰ ᠡᠨᠡ ᠠᠭᠤᠯᠠ | ᠶᠢᠨ ᠨᠡᠷ᠎ᠡ ᠪᠠᠷ ᠡᠨᠡ ᠡᠷᠲᠡᠨ ᠤ ᠬᠤᠲᠡ ᠶᠢ ᠨᠠᠷᠡᠯᠡᠭᠰᠡᠨ ᠶᠤᠮ᠃ ᠬᠤᠲᠡ ᠶᠢᠨ ᠵᠡᠭᠦᠨ᠂ ᠪᠠᠷᠠᠭᠤᠨ ᠲᠡᠯ᠎ᠡ ᠳᠤ ᠨᠢ | ᠵᠢᠵᠢᠭ ᠭᠤᠤᠯ ᠲᠠᠢ᠂ ᠬᠤᠲᠡ ᠶᠢᠨ ᠵᠡᠭᠦᠨ ᠬᠤᠶᠢᠨ᠎ᠡ ᠬᠤᠶᠠᠷ ᠭᠤᠤᠯ ᠨᠡᠶᠢᠯᠡᠵᠦ ᠤᠷᠤᠰᠤᠨ᠎ᠡ᠃ ᠡᠷᠲᠡᠨ ᠤ ᠬᠤᠲᠡ | ᠨᠢ ᠠᠭᠤᠯᠠ ᠲᠦᠰᠢᠵᠦ ᠤᠰᠤ ᠤᠷᠢᠶᠠᠭᠰᠡᠨ ᠠᠭᠤᠵᠢᠮ ᠬᠤᠳᠤᠭᠤᠷ ᠤᠨ ᠲᠤᠮᠲᠡ ᠪᠠᠶᠢᠷᠢᠯᠠᠵᠠᠢ᠃ | ᠡᠷᠲᠡᠨ ᠤ ᠬᠤᠲᠡ ᠨᠢ ᠤᠮᠠᠷᠠᠰᠢ ᠲᠦᠰᠢᠵᠦ ᠡᠮᠦᠨᠡᠰᠢ ᠬᠠᠨᠳᠤᠭᠰᠡᠨ ᠲᠦᠷᠪᠠᠯᠵᠢᠨ ᠬᠡᠯᠪᠡᠷᠢᠲᠠᠢ᠂ ᠲᠡᠯ᠎ᠡ ᠪᠦᠷᠢ | ᠶᠢᠨ ᠤᠷᠲᠦ ᠨᠢ 500 ᠮᠧᠲᠷ᠃ ᠲᠦᠷᠪᠠᠨ ᠲᠡᠯ᠎ᠡ ᠶᠢᠨ ᠬᠤᠲᠡ ᠶᠢᠨ ᠬᠠᠶᠢᠰᠠᠩ ᠦᠨᠳᠦᠷ ᠪᠤᠭᠤᠨᠢ ᠨᠢ ᠠᠳᠠᠯᠢ | ᠦᠭᠡᠢ᠂ ᠵᠠᠷᠢᠮ ᠭᠠᠵᠠᠷ ᠨᠢ ᠲᠠᠰᠤᠷᠠᠵᠦ ᠵᠠᠷᠢᠮ ᠭᠠᠵᠠᠷ ᠨᠢ ᠦᠷᠭᠦᠯᠵᠢᠯᠠᠵᠦ᠂ ᠬᠤᠲᠡ ᠶᠢᠨ ᠪᠠᠷᠠᠭᠤᠨ ᠬᠤᠶᠢᠲᠦ ᠲᠡᠯ᠎ᠡ | ᠨᠢ ᠨᠢᠭᠡᠨᠲᠡ ᠭᠤᠤᠯ ᠤᠨ ᠤᠰᠤᠨ ᠳᠤ ᠢᠲᠡᠭᠲᠡᠨ ᠰᠦᠢᠳᠴᠠᠢ᠃ ᠬᠤᠲᠡ ᠶᠢᠨ ᠬᠠᠶᠢᠰᠠᠩ ᠤᠨ ᠬᠠᠮᠤᠭ ᠦᠨᠳᠦᠷ | ᠭᠠᠵᠠᠷ ᠨᠢ ᠪᠠᠷᠤᠭ 6 ᠮᠧᠲᠷ᠂ ᠰᠠᠭᠤᠷᠢ ᠶᠢᠨ ᠦᠷᠭᠡᠨ ᠨᠢ 10 ᠭᠠᠷᠤᠢ ᠮᠧᠲᠷ᠃ ᠬᠤᠲᠡ ᠶᠢᠨ ᠬᠡᠷᠡᠮ ᠤᠨ | ᠲᠦᠷᠪᠠᠨ ᠦᠨᠴᠦᠭ ᠲᠤ ᠲᠤᠰ ᠪᠦᠷᠢ ᠲᠦᠭᠦᠷᠢᠭ ᠬᠡᠯᠪᠡᠷᠢᠲᠠᠢ ᠰᠢᠷᠤᠢ ᠶᠢᠨ ᠲᠤᠪᠤ ᠪᠠᠶᠢᠭ᠎ᠠ ᠨᠢ ᠦᠨᠴᠦᠭ ᠤᠨ | ᠠᠰᠠᠷ ᠤᠨ ᠨᠤᠷᠠᠬᠰᠡᠨ ᠪᠠᠭᠤᠷᠢ ᠠᠵᠢ᠃ ᠡᠭᠦᠨ ᠤ ᠤᠷᠤ ᠶᠢ ᠲᠤᠳᠤᠯᠠᠬᠤ ᠳᠤ ᠪᠡᠷᠭᠡᠲᠠᠢ᠃ ᠡᠮᠦᠨ᠎ᠡ ᠬᠡᠷᠡᠮ ᠳᠤ ᠨᠢ | ᠨᠢᠭᠡᠨ ᠡᠭᠦᠲᠡ ᠨᠡᠭᠡᠭᠡᠭᠰᠡᠨ ᠲᠦᠯᠦᠪ ᠲᠠᠢ᠃ ᠡᠭᠦᠲᠡᠨ ᠭᠠᠳᠠᠨ᠎ᠡ ᠨᠢ ᠬᠠᠯᠬ᠎ᠠ ᠭᠡᠷᠡᠮ ᠲᠠᠢ᠃ | | |