ᠦᠯᠢᠭᠡᠷ ᠲᠤᠮᠤᠭ ᠲᠠᠢ ᠬᠠᠲᠡ ᠴᠢᠯᠠᠭᠤ
ᠨᠡᠶᠢᠲᠡᠯᠡᠭᠰᠡᠨ ᠴᠠᠭ᠄
2019-10-31
     ᠲᠠᠭ᠎ᠠ ᠶᠢᠨ ᠲᠡᠯ ᠬᠠᠲᠡ    ᠲᠡᠭᠡᠲᠦ ᠰᠡᠭᠦᠵᠢ ᠰᠢᠶᠠᠩ ᠤᠨ ᠰᠢᠷ᠎ᠡ ᠬᠤᠰᠢᠭᠤ ᠪᠠᠷᠢᠭᠠᠲᠡ ᠶᠢᠨ ᠱᠢ ᠾᠦᠢ ᠲᠤᠰᠬᠤᠨ ᠤ ᠵᠡᠭᠦᠨ ᠬᠤᠶᠢᠨ᠎ᠡ᠂ ᠪᠠᠷᠠᠭᠤᠨ ᠬᠤᠶᠢᠨ᠎ᠡ ᠠᠴᠠ ᠵᠡᠭᠦᠨᠰᠢ ᠡᠮᠦᠨᠡᠰᠢ ᠪᠠᠨ ᠰᠤᠨᠤᠭᠰᠡᠨ ᠠᠭᠤᠯᠠ ᠶᠢᠨ ᠤᠷᠤᠢ ᠲᠡᠭᠡᠷ᠎ᠡ ᠮᠤᠷᠢᠨ ᠤ ᠲᠡᠯ ᠰᠢᠭ ᠴᠤᠪᠤᠷᠠᠬᠰᠡᠨ ᠬᠠᠷ᠎ᠡ ᠬᠠᠳᠠ ᠬᠠᠷᠠᠬᠳᠠᠨ᠎ᠡ᠃ ᠨᠤᠳᠤᠭ ᠤᠨ ᠬᠦᠮᠦᠰ ᠡᠨᠡ ᠬᠠᠲᠡ ᠶᠢ ᠲᠠᠭ᠎ᠠ ᠶᠢᠨ ᠬᠠᠳᠡ ᠭᠡᠵᠦ ᠨᠡᠷᠡᠯᠡᠲᠡᠭ ᠶᠤᠮ᠃      ᠡᠷᠲᠡ ᠦᠶ᠎ᠡ ᠳᠤ ᠨᠢᠭᠡ ᠲᠠᠭ᠎ᠠ ᠭᠠᠯᠵᠠᠭᠤᠷᠠᠨ ᠭᠠᠵᠠᠷ ᠴᠠᠪᠴᠢᠯᠠᠨ ᠦᠦᠷᠰᠡᠨ ᠲᠠᠪᠬᠢᠬᠰᠠᠭᠠᠷ ᠪᠠᠶᠢᠭᠠᠳ ᠡᠨᠡ ᠠᠭᠤᠯᠠᠨ ᠳᠤ ᠭᠠᠷᠴᠦ᠂ ᠪᠠᠷᠠᠭᠤᠨ ᠬᠤᠶᠢᠨ᠎ᠡ ᠠᠴᠠ ᠰᠠᠯᠬᠢ ᠰᠡᠷᠴᠢᠬᠢᠨᠠᠨ ᠲᠠᠭᠤᠯᠳᠠᠭ ᠨᠢᠭᠡᠨ ᠰᠡᠨᠵᠢ ᠲᠠᠢ ᠬᠠᠲᠡ ᠪᠠᠷ ᠰᠢᠷᠭᠤᠨ ᠭᠠᠷᠬᠤ ᠲᠠᠢ ᠵᠠᠷᠭᠡ ᠭᠠᠯᠵᠠᠭᠤ ᠡᠪᠡᠳᠴᠢᠨ ᠨᠢ ᠡᠲᠡᠭᠡᠷᠡᠵᠦ᠂ ᠡᠨᠡ ᠬᠦ ᠠᠭᠤᠯᠠᠨ ᠳᠤ ᠤᠩᠭᠤᠨ ᠲᠠᠪᠬᠢᠵᠦ᠂ ᠠᠭᠤᠯᠠ ᠶᠢᠨ ᠰᠠᠬᠢᠭᠤᠯᠰᠤᠨ ᠪᠤᠯᠤᠭᠰᠡᠨ ᠢ ᠬᠦᠮᠦᠨ ᠪᠦᠬᠦᠨ ᠭᠠᠶᠢᠬᠠᠨ ᠪᠢᠰᠢᠷᠡᠪᠡ᠃ ᠡᠭᠦᠨ ᠠᠴᠠ ᠬᠤᠶᠢᠰᠢ ᠭᠠᠯᠵᠠᠭᠤ ᠨᠤᠬᠠᠢ ᠳᠤ ᠬᠠᠵᠠᠬᠳᠠᠭᠰᠡᠨ ᠬᠦᠮᠦᠰ ᠬᠦᠷᠲᠡᠯ᠎ᠡ ᠪᠦᠷ ᠡᠨᠡ ᠰᠢᠷᠭᠤᠭᠤᠯ ᠬᠠᠳᠠ ᠳᠤ ᠬᠠᠳᠠᠭ ᠭᠭᠢᠪ ᠤᠶᠠᠵᠦ ᠰᠠᠩ ᠲᠠᠯᠪᠢᠵᠦ ᠰᠢᠷᠭᠤᠨ᠂ ᠭᠠᠯᠵᠠᠭᠤ ᠶᠢᠨ ᠠᠳ ᠡᠪᠡᠳᠴᠢᠨ ᠢᠶᠠᠨ ᠠᠷᠢᠯᠭᠠᠳᠠᠭ ᠪᠠᠶᠢᠯ᠎ᠡ᠃      ᠵᠢᠮᠢᠰᠲᠠᠢ ᠶᠢᠨ ᠰᠢᠷᠭᠤᠭᠤᠯ ᠬᠠᠳᠠ    ᠪᠠᠶ᠋ᠬᠠᠤᠪᠤᠭ᠎ᠠ ᠰᠤᠮᠤᠨ ᠤ ᠵᠢᠮᠢᠰᠳᠠᠢ ᠠᠭᠤᠯᠠ ᠶᠢᠨ ᠨᠤᠶᠠᠨ ᠤᠷᠬᠢᠯ  ᠤᠨ ᠬᠤᠶᠢᠲᠦ ᠬᠦᠨᠳᠠᠢ ᠳᠤ ᠨᠢᠭᠡᠨ ᠪᠦᠲᠦᠭᠦᠨ ᠬᠠᠳᠠ ᠪᠤᠢ᠃ ᠬᠠᠵᠠᠭᠤ ᠳᠤ ᠨᠢ ᠤᠴᠢᠪᠡᠯ ᠲᠠᠪᠬᠤᠷ ᠰᠡᠨᠵᠢ ᠬᠠᠷᠠᠬᠳᠠᠨ᠎ᠡ᠃ ᠲᠡᠭᠡᠲᠦ ᠲᠡᠯ᠎ᠡ ᠶᠢᠨ ᠰᠡᠨᠵᠢ ᠶᠢᠨ ᠲᠡᠭᠡᠷ᠎ᠡ ᠲᠡᠯ᠎ᠡ ᠳᠤ ᠨᠢ ᠨᠢᠭᠡᠨ ᠨᠤᠬᠠᠢ ᠰᠡᠶᠢᠯᠦᠭᠰᠡᠨ ᠵᠢᠷᠤᠭ ᠪᠠᠶᠢᠨ᠎ᠡ᠃      ᠨᠤᠳᠤᠭ ᠤᠨ ᠬᠦᠮᠦᠰ ᠤᠨ ᠶᠠᠷᠢᠬᠤ ᠪᠠᠷ ᠡᠨᠡ ᠰᠢᠷᠭᠤᠭᠤᠯ ᠬᠠᠳᠠ ᠪᠤᠯ ᠭᠠᠯᠵᠠᠭᠤ ᠨᠤᠬᠠᠢ ᠳᠤ ᠬᠠᠵᠠᠬᠳᠠᠭᠰᠡᠨ ᠡᠪᠡᠳᠴᠢᠲᠡᠨ ᠰᠢᠷᠭᠤᠵᠦ ᠡᠪᠡᠳᠴᠢᠨ ᠢᠶᠠᠨ ᠵᠠᠰᠠᠳᠠᠭ ᠬᠠᠳᠠ ᠬᠡᠨ᠎ᠡ᠃ ᠲᠤᠤᠷ᠎ᠡ ᠲᠡᠯ᠎ᠡ ᠶᠢᠨ ᠰᠡᠨᠵᠢ  ᠪᠠᠷ ᠨᠢ ᠰᠢᠷᠭᠤᠵᠦ ᠤᠷᠤᠭᠠᠳ ᠲᠡᠭᠡᠲᠦ ᠲᠡᠯ᠎ᠡ ᠶᠢᠨ ᠰᠡᠨᠵᠢ ᠪᠠᠷ ᠰᠢᠷᠭᠤᠵᠦ ᠭᠠᠷᠴᠦ ᠢᠷᠡᠪᠡᠯ ᠮᠠᠭᠤ ᠠᠳ ᠵᠤᠪᠠᠯᠠᠩ ᠨᠢ ᠠᠷᠢᠯᠵᠦ ᠰᠢᠨ᠎ᠡ ᠬᠦᠮᠦᠨ ᠪᠤᠯᠵᠦ ᠤᠭ ᠤᠨ ᠬᠡᠪ ᠲᠡᠭᠡᠨ ᠤᠷᠤᠳᠠᠭ ᠬᠡᠨ᠎ᠡ᠃ ᠤᠶᠢᠷ᠎ᠡ ᠶᠢᠨ ᠵᠢᠯ ᠤᠳ  ᠲᠤ ᠬᠦᠷᠲᠡᠯ᠎ᠡ ᠰᠢᠷᠭᠤᠭᠤᠯ ᠬᠠᠳᠠᠨ ᠤ ᠲᠡᠭᠡᠭᠦᠷ ᠠᠷᠪᠢᠨ ᠬᠠᠳᠠᠭ ᠭᠭᠢᠪ ᠵᠡᠭᠦᠯᠭᠡᠭᠰᠡᠨ ᠪᠠᠶᠢᠬᠤ ᠦᠵᠡᠭᠲᠡᠲᠡᠭ ᠶᠤᠮ᠃      ᠪᠦᠭᠡ ᠪᠤᠷᠵᠢᠨ ᠤ ᠴᠢᠯᠠᠭᠤ    ᠰᠢᠨᠡᠪᠤᠯᠠᠭ ᠰᠤᠮᠤᠨ ᠤ ᠨᠠᠷᠠᠨᠪᠤᠯᠠᠭ ᠭᠠᠴᠠᠭ᠎ᠠ ᠶᠢᠨ ᠮᠠᠨᠢᠲᠦ ᠶᠢᠨ ᠵᠠᠭᠦᠨ ᠡᠮᠦᠨ᠎ᠡ 5 ᠭᠠᠵᠠᠷ ᠤᠨ ᠪᠠᠷᠤᠭ ᠲᠤ ᠠᠭᠤᠯᠠ ᠶᠢᠨ ᠵᠡᠭᠦᠨ ᠬᠠᠵᠠᠭᠤ ᠲᠡᠭᠡᠷ᠎ᠡ ᠭᠡᠷ ᠰᠢᠭ ᠪᠦᠲᠦᠭᠦᠨ ᠪᠦᠬᠡᠷᠡᠩᠭᠡᠢ ᠴᠢᠯᠠᠭᠤ ᠬᠠᠷᠠᠬᠳᠠᠨ᠎ᠡ᠃ ᠲᠡᠭᠦᠨ ᠤ ᠬᠠᠵᠠᠭᠤ ᠳᠤ ᠨᠢ ᠤᠴᠢᠵᠦ ᠦᠵᠡᠪᠡᠯ ᠲᠤᠤᠷ᠎ᠡ ᠨᠢ ᠬᠠᠷ᠎ᠡ ᠴᠢᠯᠠᠭᠤ ᠢᠪᠡᠵᠦ ᠲᠠᠯᠪᠢᠬᠰᠡᠨ ᠪᠤᠷᠤᠪᠳᠤᠷ ᠪᠤᠷᠵᠢᠨ ᠴᠢᠯᠠᠭᠤ ᠪᠤᠯᠤᠨ᠎ᠡ᠃ ᠪᠤᠷᠵᠢᠨ ᠴᠢᠯᠠᠭᠤᠨ ᠤ ᠪᠦᠲᠦᠭᠦᠨ ᠤ ᠬᠡᠮᠵᠢᠶ᠎ᠡ ᠨᠢ ᠪᠠᠷᠤᠭ 5 ᠬᠠᠨ᠎ᠡ ᠲᠠᠢ ᠮᠤᠩᠭᠤᠯ ᠭᠡᠷ ᠤᠨ ᠵᠡᠷᠭᠡ ᠪᠤᠢ᠃      ᠡᠷᠲᠡᠨ ᠳᠡᠭᠡᠨ ᠮᠤᠤᠮᠢᠩᠭᠠᠨ ᠬᠤᠰᠢᠭᠤᠨ ᠤ ᠪᠦᠭᠡ ᠪᠤᠷᠵᠢᠨ ᠠᠷᠦ ᠮᠤᠩᠭᠤᠯ ᠤᠨ ᠲᠦᠰᠢᠶᠠᠲᠦ ᠬᠠᠨ ᠠᠶᠢᠮᠠᠭ ᠤᠨ ᠨᠠᠶᠢᠷ ᠲᠤ ᠪᠦᠭᠡ ᠶᠢᠨ ᠤᠷᠤᠯᠳᠤᠭᠠᠨ ᠳᠤ ᠤᠷᠤᠵᠦ᠂ ᠸᠠᠩ ᠤᠨ ᠪᠦᠭᠡ ᠶᠢ ᠬᠠᠶᠠᠵᠦ ᠰᠦᠨᠦᠭᠡᠭᠰᠡᠨ ᠬᠡᠷᠡᠭ ᠲᠤ ᠤᠷᠤᠵᠠᠢ᠃ ᠪᠦᠭᠡ ᠪᠤᠷᠵᠢᠨ ᠪᠤᠴᠠᠬᠤ ᠵᠠᠮ ᠳᠠᠭᠠᠨ ᠴᠢᠳᠡᠯ ᠢᠶᠠᠨ ᠭᠠᠶᠢᠬᠠᠭᠤᠯᠵᠦ᠂ ᠭᠡᠷᠡᠭ ᠤᠨ ᠤᠴᠢᠷ  ᠲᠤ ᠲᠡᠭᠦᠨ ᠢ ᠪᠠᠷᠢᠬᠤ ᠪᠠᠷ ᠢᠷᠡᠭᠦ ᠬᠦᠮᠦᠨ ᠳᠤ ᠵᠠᠮ ᠠᠲᠡᠷᠡᠭᠦᠯᠬᠦ ᠦᠭᠡᠢ ᠶᠢᠨ ᠲᠤᠰᠡᠲᠡ ᠪᠤᠴᠠᠬᠤ ᠵᠠᠮ ᠳᠠᠭᠠᠨ ᠪᠦᠳᠦᠭᠦᠨ ᠪᠦᠳᠦᠭᠦᠨ ᠴᠢᠯᠠᠭᠤ ᠡᠭᠦᠷᠴᠦ ᠲᠡᠮᠲᠡᠭ ᠲᠠᠯᠪᠢᠭᠠᠳ ᠢᠷᠡᠵᠦ ᠬᠡᠨ᠎ᠡ᠃ ᠡᠨᠡ ᠴᠢᠯᠠᠭᠤ ᠪᠤᠯ ᠲᠡᠭᠦᠨ ᠤ ᠲᠤᠳᠤᠷᠡᠬᠢ ᠨᠢᠭᠡ ᠪᠤᠯᠤᠨ᠎ᠡ᠃ ᠮᠤᠤᠮᠢᠩᠭᠠᠨ ᠤ ᠨᠤᠳᠤᠭ ᠲᠤ ᠡᠶᠢᠮᠦ ᠪᠦᠭᠡ ᠪᠤᠷᠵᠢᠨ ᠤ ᠴᠢᠯᠠᠭᠤ ᠭᠤᠷᠪᠡ ᠪᠤᠢ᠃      ᠪᠦᠭᠡ ᠪᠤᠷᠵᠢᠨ ᠰᠡᠭᠦᠯᠡᠷ ᠨᠢ 5 ᠬᠠᠨ᠎ᠡ ᠲᠠᠢ ᠭᠡᠷ ᠢᠶᠠᠨ ᠪᠠᠭᠯᠠᠵᠦ᠂ ᠨᠠᠰᠤᠳᠠᠢ ᠡᠵᠢ ᠪᠠᠨ ᠲᠡᠭᠡᠷ᠎ᠡ ᠨᠢ ᠰᠠᠭᠤᠯᠭᠠᠵᠦ ᠨᠡᠭᠦᠳᠡᠯᠯᠡᠨ ᠶᠠᠪᠤᠬᠰᠠᠭᠠᠷ ᠪᠠᠶᠢᠭᠠᠳ ᠭᠤᠷᠪᠠᠨ ᠬᠦᠨᠲᠠᠢ ᠶᠢᠨ ᠵᠤᠤ ᠳᠤ ᠨᠠᠰᠦ ᠪᠠᠷᠠᠵᠦ ᠲᠡᠭᠦᠨ ᠢ ᠦᠭᠦᠭᠰᠡᠨ ᠬᠤᠶᠢᠨ᠎ᠡ ᠨᠢ ᠴᠡᠭᠡᠵᠢᠨ ᠬᠦᠨᠲᠠᠢ ᠳᠤᠨᠢ ᠴᠢᠨ᠋ᠸ᠎ᠠ ᠡᠭᠦᠷᠯᠡᠵᠦ ᠪᠠᠶᠢᠬᠰᠡᠨ ᠬᠡᠨ᠎ᠡ᠃      ᠴᠢᠩᠭᠢᠰ ᠬᠠᠭᠠᠨ ᠤ ᠲᠤᠭᠤᠭ᠎ᠠ ᠲᠤᠯᠤᠭᠰᠡᠨ ᠭᠤᠷᠪᠠᠨ ᠴᠢᠯᠠᠭᠤ    ᠪᠠᠶ᠋ᠬᠠᠤᠪᠤᠭ᠎ᠠ ᠰᠤᠮᠤᠨ ᠤ ᠴᠠᠭᠠᠨ ᠬᠠᠳᠡ ᠶᠢᠨ ᠡᠷᠲᠡᠮᠪᠠᠲᠦ ᠶᠢᠨ ᠡᠪᠤᠯᠵᠢᠶᠠᠨ ᠤ ᠪᠠᠷᠠᠭᠤᠨ ᠡᠮᠦᠨ᠎ᠡ ᠲᠠᠷᠡᠰᠦᠨ ᠲᠤᠳᠤᠷ᠎ᠡ ᠴᠢᠨᠳᠠᠮᠤᠨᠢᠯᠠᠵᠦ ᠪᠤᠯᠠᠭᠰᠡᠨ ᠭᠤᠷᠪᠠᠨ ᠴᠠᠭᠠᠨ ᠴᠢᠯᠠᠭᠤ ᠪᠠᠶᠢᠳᠠᠭ᠃ ᠭᠤᠷᠪᠠᠨ ᠴᠢᠯᠠᠭᠤᠨ ᠤ ᠬᠤᠭᠤᠷᠤᠨᠳᠤᠬᠢ ᠵᠠᠢ ᠨᠢ 3 ᠮᠧᠲᠷ ᠤᠷᠴᠢᠮ᠂ ᠴᠢᠯᠠᠭᠤᠨ ᠤ ᠭᠠᠵᠠᠷ ᠲᠡᠭᠡᠷᠡᠬᠢ ᠦᠨᠳᠦᠷ ᠨᠢ 35 ᠰᠠᠨᠲ᠋ᠢᠮᠧᠲᠷ ᠪᠠᠶᠢᠳᠠᠭ ᠶᠤᠮ᠃ ᠠᠲᠡᠬᠢ ᠠᠷᠡᠳ ᠤᠳ ᠠᠯᠢ ᠡᠷᠲᠡᠨ ᠠᠴᠠ ᠡᠭᠦᠨ ᠢ ᠴᠢᠩᠭᠢᠰ ᠬᠠᠭᠠᠨ ᠤ ᠡᠨᠡ ᠭᠠᠵᠠᠷ ᠢᠶᠠᠷ ᠲᠠᠶᠢᠯᠠᠵᠦ ᠪᠠᠶᠢᠬᠤ ᠳᠠᠭᠠᠨ ᠲᠤᠭᠤᠭ᠎ᠠ ᠲᠤᠯᠵᠦ ᠭᠠᠯ ᠲᠦᠯᠡᠲᠡᠭ ᠭᠤᠷᠪᠠᠨ ᠴᠢᠯᠠᠭᠤ ᠭᠡᠳ ᠬᠡᠨ ᠴᠦ ᠬᠦᠲᠡᠯᠭᠡᠲᠡᠭ ᠦᠭᠡᠢ ᠮᠦᠷᠲᠡᠭᠡᠨ ᠲᠤᠰ ᠭᠠᠵᠠᠷ ᠢ ᠴᠦ ᠴᠢᠩᠭᠢᠰ ᠤᠨ ᠴᠢᠯᠠᠭᠤ ᠶᠢᠨ ᠬᠤᠭᠤᠯᠠᠢ ᠭᠡᠵᠦ ᠨᠡᠷᠡᠯᠡᠲᠡᠭ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号