ᠴᠠᠭᠠᠨ ᠰᠦ ᠭᠠᠵᠠᠷ ᠤᠨ ᠰᠢᠷᠬ᠎ᠠ ᠠᠨᠠᠭᠠᠨ᠎ᠡ
ᠨᠡᠶᠢᠲᠡᠯᠡᠭᠰᠡᠨ ᠴᠠᠭ᠄
2019-08-28
                                                        ᠽᠠᠨᠳᠠᠷ᠎ᠡ      ᠬᠤᠷᠠᠭ᠎ᠠ ᠢᠰᠢᠭᠡ ᠬᠦᠷᠦᠪᠵᠢᠨ ᠲᠤᠷᠨᠢᠵᠦ᠂ ᠬᠤᠨᠢ ᠮᠠᠯ ᠨᠤᠤᠰᠤᠨ ᠠᠴᠠ ᠪᠠᠨ ᠰᠠᠯᠤᠭᠠᠳ ᠵᠤᠰᠠᠭᠠᠯ ᠳᠤ ᠭᠠᠷᠬᠤ ᠴᠠᠭ ᠶᠠᠭᠠᠬᠢᠬᠤ ᠶᠢᠨ ᠠᠷᠭ᠎ᠠ ᠦᠭᠡᠢ ᠲᠤᠯᠵᠦ ᠢᠷᠡᠭᠰᠡᠨ ᠪᠠᠶᠢᠯ᠎ᠡ᠃ ᠰᠦᠨᠢ ᠳᠤᠨᠢ ᠢᠮᠠᠭ᠎ᠠ ᠬᠤᠨᠢᠳ ᠬᠤᠳᠠᠨ  ᠠᠴᠠ ᠪᠠᠨ ᠵᠠᠶᠢᠳᠠᠨ ᠰᠢᠯᠢ ᠲᠡᠨᠵᠢᠷᠭᠡᠭ ᠭᠠᠵᠠᠷ ᠬᠡᠪᠳᠠᠷᠢᠯᠡᠵᠦ᠂ ᠡᠬᠢᠨ ᠵᠤᠨ ᠤ ᠬᠠᠯᠠᠭᠤᠨ ᠠᠮᠢᠰᠬᠤᠯ ᠨᠤᠭᠤᠭᠠᠨ ᠤ ᠦᠨᠦᠷ ᠢᠶᠠᠷ ᠨᠦᠯ ᠬᠢᠨ᠎ᠡ᠃      ︽ᠬᠠᠯᠠᠭᠤᠨ ᠵᠤᠨ ᠢᠶᠠᠷ ᠡᠪᠤᠯᠵᠢᠶᠠᠨ ᠳᠡᠭᠡᠨ ᠰᠢᠷᠭᠤᠵᠦ ᠬᠡᠪᠲᠡᠬᠦ ᠬᠡᠲᠡᠭ ᠤᠯᠠᠨ ᠤ ᠡᠯᠡᠭ᠂ ᠲᠦᠷᠭᠡᠨ ᠵᠤᠰᠠᠯᠠᠩ ᠳᠤ ᠪᠠᠨ ᠭᠠᠷᠬᠤ ᠪᠢᠰᠢ ᠶᠤᠮ ᠦᠦ︾ ᠭᠡᠵᠦ ᠡᠵᠢ ᠬᠡᠨᠡᠳᠲᠡ ᠪᠠᠶᠢᠭᠠᠳ ᠠᠪᠤ ᠶᠢ ᠱᠠᠭᠠᠷᠳᠠᠳᠠᠭ ᠪᠤᠯᠪᠡ᠃      ︽ᠨᠡᠭᠡᠷᠡᠨ ᠴᠦ ᠲᠡᠶᠢᠮᠦ ᠶᠤᠮ ᠡ︾ ᠭᠡᠵᠦ ᠡᠵᠢ ᠶᠢᠨ ᠦᠭᠡ ᠶᠢ ᠵᠦᠪᠳᠡᠭᠡᠬᠦ ᠪᠤᠯᠪᠠᠴᠦ ᠠᠪᠤ ᠶᠠᠭᠤ ᠨᠢᠭᠡᠨ ᠳᠤ ᠬᠤᠷᠭᠤᠳᠠᠭᠰᠡᠨ ᠪᠠᠶᠢᠷᠢ ᠲᠠᠢ ᠮᠦᠨ ᠯᠡ ᠬᠡᠲᠦ ᠬᠤᠨᠤᠭ ᠢ ᠦᠩᠭᠡᠷᠡᠭᠡᠪᠡ᠃ ᠵᠤᠰᠠᠭᠠᠯ ᠳᠤ ᠭᠠᠷᠬᠤ ᠶᠢᠨ ᠡᠮᠦᠨ᠎ᠡ ᠠᠪᠤ ᠪᠤᠷᠤᠭᠠᠨ ᠠᠴᠠ ᠰᠡᠷᠭᠡᠶᠢᠯᠡᠵᠦ ᠪᠤᠭᠤᠨᠢᠬᠠᠨ ᠪᠤᠷᠦ ᠪᠠᠶᠢᠰᠢᠩ ᠤᠨ ᠢᠶᠠᠨ ᠤᠷᠤᠢ ᠳᠤ ᠵᠠᠪᠠᠯ ᠰᠢᠪᠡᠷ ᠭᠠᠷᠭᠠᠨ᠎ᠡ᠃ ᠲᠠᠷᠡ ᠠᠵᠢᠯ ᠳᠤ ᠶᠡᠭᠡᠩᠭᠢ ᠲᠡᠮ ᠪᠤᠯᠳᠠᠭ ᠨᠢ ᠪᠢ ᠶᠤᠮ᠃ ᠬᠡᠳᠦᠶᠢᠪᠡᠷ ᠲᠤᠯᠤᠭᠠᠬᠠᠨ ᠨᠠᠰᠤᠳᠠᠢ ᠬᠡᠦᠭᠡᠳ ᠬᠡᠯ᠎ᠡ ᠴᠦ ᠶᠠᠭᠠᠬᠢᠵᠦ ᠬᠡᠯᠡᠯ᠎ᠡ ᠭᠡᠳ ︽ᠡᠷ᠎ᠡ ᠬᠦᠮᠦᠨ︾ ᠶᠤᠮ ᠭᠠᠵᠠᠷ ᠳ᠋ᠠ᠃ ᠮᠠᠨ ᠤ ᠬᠢ ᠠᠭᠤᠯᠠᠨ ᠭᠠᠵᠠᠷ ᠰᠠᠭᠤᠳᠠᠭ ᠪᠤᠯᠬᠤᠷ ᠡᠪᠤᠯᠵᠢᠶᠠᠨ ᠤ ᠬᠠᠪᠢ ᠳᠤ ᠰᠢᠪᠡᠷ ᠪᠠᠶᠢᠳᠠᠭ ᠦᠭᠡᠢ᠂ ᠪᠠᠶᠢᠰᠢᠩ ᠢᠯᠢᠬᠦ ᠪᠠᠷ ᠯᠡ ᠠᠷᠭ᠎ᠠ ᠪᠤᠰᠤ ᠬᠡᠳᠤᠨ ᠭᠠᠵᠠᠷ ᠤᠨ ᠠᠯᠤᠰ ᠠᠴᠠ ᠤᠨᠤᠭ᠎ᠠ ᠲᠡᠮᠡᠭᠡ ᠪᠠᠷ ᠰᠢᠷᠤᠢ ᠲᠡᠭᠡᠭᠡᠵᠦ ᠤᠶᠢᠯᠠ ᠪᠠᠨ ᠪᠠᠷᠡᠨ᠎ᠡ᠃ ᠲᠡᠷᠡ ᠤᠳᠠᠭ᠎ᠠ ᠠᠪᠤ ᠪᠢᠲᠡ ᠬᠤᠶᠠᠷ ᠪᠠᠶᠢᠰᠢᠩ ᠢᠶᠠᠨ ᠢᠯᠢᠵᠦ ᠪᠠᠷᠡᠲᠡᠯ᠎ᠡ ᠪᠠᠷᠤᠭ ᠠᠷᠪᠠᠭᠠᠳ ᠬᠤᠨᠤᠭᠰᠡᠨ ᠪᠠᠶᠢᠬ᠎ᠠ᠃ ᠨᠢᠭᠡ ᠡᠳᠤᠷ ᠠᠪᠤ ᠨᠡᠲᠡ  ᠳᠤ ᠠᠷᠢᠬᠢᠨ ᠤ ᠴᠠᠭᠠᠨ ᠵᠢᠷᠤᠭ᠎ᠠ ︵ᠯᠤᠩᠬᠤ︶ ᠳᠤ ᠰᠦ ᠬᠢᠵᠦ ᠡᠭᠦᠷᠦᠭᠦᠯᠦᠭᠡᠳ ᠦᠨᠦ ᠰᠢᠪᠡᠷ ᠠᠪᠤᠭᠰᠡᠨ ᠭᠠᠵᠠᠷ  ᠢᠶᠠᠨ ᠤᠴᠢᠪᠡ᠃      ᠠᠪᠤ ᠠᠮᠠᠨ ᠳᠠᠭᠠᠨ ᠶᠠᠭᠤ ᠬᠢᠵᠦ ᠪᠠᠶᠢᠭ᠎ᠠ ᠨᠢ ᠦᠯᠦ ᠮᠡᠲᠡᠭᠲᠡᠬᠦ ᠰᠢᠪᠰᠢᠯᠭᠡ ᠰᠢᠦᠬᠠᠨ ᠶᠠᠭᠤᠮ᠎ᠡ ᠬᠡᠯᠡᠵᠦ᠂ ᠪᠢᠴᠢᠬᠠᠨ ᠲᠦᠲᠡᠭ ᠨᠤᠴᠤᠭᠠᠨ ᠠᠷᠢᠭᠤᠨ ᠰᠠᠩ ᠤᠩᠭᠤᠰᠬᠠᠵᠦ᠂ ᠮᠢᠨᠦ ᠠᠪᠴᠦ ᠤᠴᠢᠭᠰᠡᠨ ᠯᠤᠩᠬᠤ ᠲᠠᠢ ᠰᠦ ᠶᠢ ᠵᠦᠭᠡᠯᠡᠨ ᠤᠷᠳᠤᠤᠵᠠ ᠶᠢᠨ ᠨᠠᠮᠠᠭᠠᠨ ᠳᠤ ᠲᠤᠰᠤᠭᠠᠨ ᠰᠢᠪᠡᠷ ᠮᠠᠯᠳᠠᠭᠰᠡᠨ ᠦᠨᠦ ᠬᠤᠩᠬᠤᠷ ᠤᠷᠤᠭᠤ ᠰᠠᠴᠤᠯ᠎ᠡ᠃ ᠴᠢᠩᠭᠢᠭᠰᠡᠨ ᠢᠶᠠᠨ ᠮᠦᠷᠦᠯᠡᠵᠦ ᠶᠠᠪᠤᠬᠰᠡᠨ ᠬᠦᠷᠵᠡ ᠪᠠᠷ ᠢᠶᠠᠨ ᠬᠦᠷᠦᠰᠦᠨ ᠲᠡᠭᠡᠷᠡᠬᠢ ᠡᠷᠡᠭᠦᠯ ᠰᠢᠷᠤᠢ ᠶᠢ ᠬᠠᠮᠤᠨ ᠨᠦᠬᠦᠭᠡ ᠭᠠᠵᠠᠷ ᠤᠨ ᠰᠢᠷᠬ᠎ᠠ ᠶᠢ ᠪᠤᠯᠬᠠᠰᠡᠨ ᠪᠤᠯᠪᠡ᠃ ᠠᠪᠤ ᠠᠯᠵᠢᠶᠠᠬᠰᠡᠨ ᠪᠤᠯᠤᠯᠳᠠᠢ᠂ ᠬᠠᠳᠠᠭᠤ ᠭᠠᠵᠠᠷ ᠵᠠᠪᠢᠯᠠᠨ ᠰᠠᠭᠤᠵᠦ ᠬᠠᠭᠤᠴᠢᠨ ᠮᠠᠭᠤ ᠮᠤᠳᠤ ᠲᠤᠯᠤᠭᠠᠢ ᠭᠠᠷᠭᠠᠨ᠂ ᠭᠠᠦᠯᠢᠨ ᠬᠦᠵᠦᠭᠦᠦ ᠨᠢ ᠦᠩᠭᠡ ᠤᠷᠤᠵᠦ᠂ ᠲᠡᠯ᠎ᠡ ᠪᠠᠷ  ᠨᠢ ᠲᠤᠬᠰᠢᠵᠦ ᠬᠡᠯᠳᠡᠶᠢᠯᠭᠡᠭᠰᠡᠨ ᠲᠤᠭᠤᠭᠠᠨ ᠳᠤ ᠲᠡᠮᠡᠬᠢ ᠨᠠᠷᠡᠭᠡᠳ ᠰᠢᠨᠤᠬᠬᠠᠨ ᠭᠡᠲᠦ ᠰᠤᠷᠤᠪᠡ᠃ ᠠᠪᠤ ᠵᠠᠩᠰᠢᠬᠰᠡᠨ ᠬᠡᠮᠡᠷ ᠬᠦᠨᠳᠡᠶᠢᠭᠡᠨ ᠬᠤᠶᠠᠷ ᠪᠦᠭᠰᠢᠭᠰᠡᠨ ᠢᠶᠠᠨ ᠭᠠᠩᠰᠡᠨ ᠤ ᠪᠠᠨ ᠲᠤᠯᠤᠭᠠᠢ ᠶᠢ ᠬᠦᠴᠦᠲᠠᠢ ᠭᠡᠲᠦ ᠰᠡᠳᠭᠡᠵᠦ᠂ ︽ᠪᠤᠷᠤᠭᠠᠨ ᠤᠷᠤᠬᠤ ᠨᠢ ᠦᠦ ᠳ᠋ᠠ᠂ ᠭᠠᠩᠰᠡ ᠲᠠᠬᠯᠠᠷᠠᠭᠠᠳ︾ ᠬᠡᠪᠡ᠃ ᠬᠤᠷᠤᠬᠠᠢ ᠰᠢᠪᠡᠵᠢ ᠳᠤ ᠬᠠᠳᠬᠤᠭᠤᠯᠪᠡᠯ ᠠᠪᠤ ᠲᠠᠮᠠᠬᠢᠨ ᠤ ᠪᠠᠨ ᠦᠳᠭᠡᠨ ᠬᠠᠷ᠎ᠡ ᠪᠤᠬᠢ ᠶᠢ ᠭᠠᠷ ᠬᠦᠯ ᠲᠡᠭᠡᠷ᠎ᠡ ᠲᠦᠷᠭᠢᠵᠦ ᠦᠭᠲᠡᠭ ᠪᠤᠯᠬᠤᠷ ᠭᠠᠩᠰᠡ ᠲᠠᠬᠯᠠᠷᠠᠭᠰᠡᠨ ᠨᠢ ᠨᠠᠲᠡ ᠳᠤ ᠲᠡᠳᠤᠢ ᠯᠡ ᠬᠠᠴᠢᠨ ᠰᠠᠨᠠᠬᠳᠠᠭᠰᠡᠨ ᠦᠭᠡᠢ᠂ ᠬᠠᠷᠢᠨ ᠠᠪᠴᠢᠷᠠᠭᠰᠡᠨ ᠰᠦ ᠪᠠᠨ ᠬᠡᠷᠡᠭ ᠪᠤᠯᠭᠠᠨ ᠭᠠᠵᠠᠷ ᠲᠤ ᠰᠠᠴᠤᠳᠠᠭ ᠢ ᠨᠢ ᠶᠡᠭᠡ ᠭᠠᠶᠢᠬᠠᠵᠦ᠄      ︽ᠡᠵᠢ ᠰᠦ ᠪᠠᠨ ᠲᠠᠩᠳᠠ ᠲᠡᠭᠷᠢ ᠳᠤ ᠡᠷᠭᠦᠲᠡᠭ ᠰᠢᠲᠡ᠂ ᠠᠪᠤ ᠦᠨᠦᠳᠤᠷ ᠶᠠᠭᠠᠬᠢᠭᠠᠳ ᠭᠠᠵᠠᠷ ᠲᠤ ᠡᠷᠭᠦᠵᠦ ᠪᠠᠶᠢᠳᠠᠭ ᠪᠤᠯ︖︾ ᠭᠡᠪᠡᠯ᠂      ︽ᠭᠠᠵᠠᠷ ᠤᠰᠤ ᠶᠡᠭᠡ ᠬᠦᠨᠲᠡᠬᠦ ᠴᠡᠭᠡᠷ ᠲᠠᠢ ᠶᠤᠮ ᠯᠡ ᠳ᠋ᠠ᠂ ᠴᠢᠩᠭᠢᠬᠦ ᠳᠤ ᠴᠠᠭᠠᠨ ᠰᠦ ᠭᠠᠵᠠᠷ ᠤᠨ ᠰᠢᠷᠬ᠎ᠠ ᠠᠨᠠᠭᠠᠳᠠᠭ ᠲᠤᠮ ᠲᠠᠢ ᠶᠤᠮ︾ ᠭᠡᠪᠡ᠃ ᠭᠠᠵᠠᠷ ᠲᠤ ᠰᠦ ᠡᠷᠭᠦᠲᠡᠭ ᠤᠨ ᠤᠴᠢᠷ ᠢ ᠪᠢ ᠲᠡᠷᠡ ᠤᠳᠠᠭ᠎ᠠ ᠰᠠᠶ᠋ᠢ ᠪᠦᠷᠢᠨ ᠤᠶᠢᠯᠠᠭᠠᠭᠰᠡᠨ ᠪᠢᠯᠡ᠃      ᠮᠠᠨ ᠤ ᠬᠢᠨ ᠤᠳᠠᠯ ᠦᠭᠡᠢ ᠬᠡᠳᠤᠨ ᠨᠢᠴᠤᠭᠦᠨ ᠲᠡᠮᠡᠭᠡᠨ ᠳᠡᠭᠡᠨ ᠭᠡᠷ ᠮᠠᠶᠢᠬᠠᠨ ᠢᠶᠠᠨ ᠠᠴᠢᠶᠠᠯᠠᠵᠦ ᠬᠦᠷᠡᠩ ᠲᠡᠪᠰᠡᠩ ᠤᠨ ᠰᠢᠯᠢ ᠬᠡᠮᠡᠬᠦ ᠵᠤᠰᠠᠭᠠᠯ ᠤᠨ ᠭᠠᠵᠠᠷ ᠲᠠᠭᠠᠨ ᠨᠡᠭᠦᠵᠦ ᠤᠴᠢᠪᠡ᠃ ᠬᠦᠷᠡᠩ ᠲᠡᠪᠰᠡᠩ ᠪᠤᠯ ᠲᠡᠯ᠎ᠡ ᠠᠳᠠᠷᠠᠭ᠎ᠠ ᠬᠤᠤᠰᠯᠠᠭᠰᠡᠨ᠂ ᠬᠤᠯᠠᠭᠤᠷ ᠢᠶᠠᠷ ᠪᠠᠯᠠᠷ ᠲᠠᠢ᠂ ᠪᠤᠯᠠᠭ ᠲᠠᠭᠠᠭᠠᠴᠡ ᠤᠯᠠᠨ᠂ ᠤᠷᠭᠤᠴᠡ ᠰᠢᠨ᠎ᠡ ᠲᠡᠭᠦᠯᠳᠡᠷ ᠠᠭᠤᠵᠢᠮ ᠲᠠᠩᠰᠤᠭ ᠭᠠᠵᠠᠷ ᠶᠤᠮ᠃ ᠰᠢᠷ᠎ᠡ ᠲᠤᠰᠤ ᠬᠠᠪᠴᠢᠭᠤᠯᠤᠭᠰᠡᠨ ᠪᠤᠤᠪᠤ ᠡᠪᠤᠷᠳᠤᠯᠡᠵᠦ᠂ ᠲᠤᠰᠤᠨ ᠬᠤᠯᠢᠮᠠᠭ ᠲᠠᠬᠯᠠᠵᠦ ᠡᠭᠦᠷᠦᠭᠡᠳ ᠬᠤᠨᠢᠨ ᠳᠤ ᠶᠠᠪᠤᠬᠤ ᠶᠢᠨ ᠲᠠᠭᠠᠳᠠᠢ ᠶᠢ ᠶᠠᠭᠤ ᠭᠡᠵᠦ ᠰᠠᠨᠠᠨ᠎ᠡ᠃ ᠠᠪᠤ ᠡᠵᠢ ᠰᠦ ᠰᠠᠭᠠᠯᠢ  ᠳᠠᠭᠠᠨ ᠪᠦᠯᠢᠲᠡᠵᠦ ᠭᠡᠷ ᠵᠠᠭᠤᠷ᠎ᠡ ᠪᠠᠨ ᠲᠠᠶᠢᠯᠦᠩᠭᠢ ᠪᠠᠶᠢᠨ᠎ᠡ᠃ ᠪᠠᠷ ᠬᠤᠨᠢᠨ ᠳᠤ ᠶᠠᠪᠤᠬᠤ ᠲᠤᠷᠠᠳᠠᠢ᠂ ᠤᠴᠢᠷ ᠨᠢ ᠭᠡᠭᠡᠷ᠎ᠡ ᠭᠠᠷᠪᠡᠯ ᠵᠡᠷᠯᠢᠭ ᠴᠠᠬᠢᠯᠳᠠᠭ ᠤᠨ ᠨᠠᠪᠴᠢ ᠰᠢᠭᠤᠴᠢᠵᠦ ᠨᠤᠭᠤᠭᠠᠨ ᠤ ᠭᠤᠯᠢᠶ᠎ᠡ ᠠᠷᠪᠡ ᠲᠠᠪᠤ ᠪᠠᠷ ᠬᠤᠯᠪᠤᠨ ︽ᠰᠠᠭᠠᠯᠢ ᠬᠢᠨ᠎ᠡ︾᠃ ᠬᠤᠨᠢᠨ ᠬᠦᠷᠪᠡᠯ ᠠᠴᠠ ᠡᠷ᠎ᠡ ᠶᠢ ᠨᠢ ᠬᠠᠶᠢᠵᠦ ᠴᠠᠭᠠᠯᠠᠨ ︽ᠢᠷᠭᠡ ᠰᠡᠷᠭᠡ ᠪᠤᠰᠬᠠᠨ᠎ᠡ︾᠃ ᠭᠤᠯᠢᠶ᠎ᠡ ᠴᠦ ᠶᠠᠭᠠᠬᠢᠬᠤ ᠪᠤᠢ ᠨᠤᠮᠤᠬᠠᠨ ᠠᠮᠢᠲᠡᠨ᠃ ᠰᠢᠯᠢ ᠪᠠᠨ ᠵᠢᠷᠵᠢᠬᠢᠨᠡᠭᠦᠯᠦᠨ ᠭᠠᠰᠠᠯᠵᠦ ᠪᠠᠶᠢᠬᠰᠡᠨ ᠢᠶᠠᠨ ︽ᠬᠦᠭᠡᠨ᠎ᠡ︾ ᠳᠤ ᠤᠷᠤᠪᠡᠯ ᠲᠡᠷᠡᠭᠡᠨ ᠢᠶᠠᠨ ᠡᠪᠡᠰᠦᠨ ᠳᠤ ᠤᠷᠶᠠᠯᠳᠤᠵᠦ ᠨᠤᠮᠤᠬᠠᠷᠡᠨ᠎ᠡ᠃ ᠬᠤᠨᠢᠨ ᠬᠦᠷᠪᠡᠯ ᠯᠡ ᠬᠠᠷᠢᠨ ᠪᠠᠷᠢᠬᠳᠠᠵᠦ ᠦᠭᠲᠡᠭ ᠦᠭᠡᠢ ᠲᠤᠬᠰᠢᠨ ᠵᠤᠯᠢᠭ᠂ ᠠᠷᠭ᠎ᠠ ᠤᠬᠠᠭᠠᠨ ᠭᠠᠷᠭᠠᠵᠦ ᠪᠠᠶᠢᠮᠠᠨ ᠠᠷᠠᠢ ᠭᠡᠵᠦ ᠨᠢᠭᠡ ᠡᠷ᠎ᠡ ᠶᠢ ᠨᠢ ᠤᠯᠪᠡᠯ ᠲᠡᠷᠡ ᠲᠤᠤᠷ᠎ᠡ ᠨᠢ ᠬᠦᠩᠭᠡᠯᠡᠭᠡᠳ ᠲᠠᠯᠪᠢᠬᠤ ᠳᠤ ᠡᠪᠡᠳᠲᠡᠭ ᠶᠤᠮ ᠪᠢᠵᠡ᠂ ᠲᠦᠷᠪᠠᠨ ᠮᠦᠴᠡ ᠲᠡᠭᠡᠷ᠎ᠡ ᠪᠠᠨ ᠦᠨᠳᠡᠶᠢᠰᠭᠡᠵᠦ ᠢᠷᠡᠭᠡᠳ ᠤᠤᠯ ᠤᠨ ᠬᠢ ᠠᠴᠠ ᠪᠠᠨ ᠨᠠᠯᠢᠶᠠᠳ ᠤᠳᠠᠭᠠᠨ ᠬᠠᠶᠢᠪᠠᠯᠵᠠᠭᠠᠳ ᠯᠡ ᠤᠳᠤᠨ᠎ᠡ᠃ ᠬᠦᠬᠡᠷᠦᠭᠦᠢ ᠲᠡᠷᠡ ᠠᠮᠢᠲᠡᠨ ᠪᠦᠬᠡᠰᠦᠭ ᠢᠶᠠᠨ ᠰᠢᠬᠠᠭᠤᠯᠤᠭᠰᠡᠨ ᠪᠤᠯᠤᠭᠠᠳ ᠲᠡᠭᠡᠨ᠎ᠡ ᠦᠦ᠂ ᠬᠤᠮᠤᠯ ᠲᠡᠭᠡᠷ᠎ᠡ ᠭᠠᠷᠴᠦ ᠰᠡᠭᠦᠯ ᠢᠶᠠᠨ ᠵᠤᠭᠤᠰᠯᠠᠳᠠᠭ ᠨᠦᠬᠦᠭᠡ ᠤᠮᠤᠭ ᠰᠤᠷᠳᠤᠭᠤ ᠨᠢ ᠲᠠᠷᠤᠭᠳᠠᠭᠠᠳ ᠡᠪᠡᠰᠦ ᠪᠤᠳᠠᠨ ᠤ ᠲᠤᠤᠭᠤᠷ ᠠᠮᠢ ᠲᠡᠮᠡᠴᠡᠨ ᠲᠡᠯᠳᠡᠷᠢᠳᠠᠭ ᠪᠠᠶᠢᠯ᠎ᠡ᠃ ᠬᠤᠨᠢᠨ ᠭᠤᠯᠢᠶ᠎ᠡ ᠪᠠᠨ ︽ᠰᠠᠭᠠᠵᠦ︾ ᠪᠡᠷᠡᠪᠡᠯ ᠡᠷᠬᠢᠭᠡᠳ ︽ᠬᠦᠭᠡᠨ᠎ᠡ︾ ᠶᠢ ᠨᠢ ᠰᠤᠯᠠᠯᠠᠨ ᠲᠠᠯᠪᠢᠵᠦ ᠶᠠᠪᠤᠭᠤᠯᠤᠨ᠎ᠡ᠃ ᠨᠠᠲᠡ ᠪᠠᠷ ᠲᠠᠮᠤᠯᠠᠭᠤᠯᠤᠭᠰᠨᠨ ᠲᠡᠲᠡᠭᠡᠷ ᠠᠮᠢᠲᠡᠳ ᠢᠩᠭᠢᠵᠦ ᠠᠷᠡᠢ ᠯᠡ ᠠᠮᠢᠨ ᠳᠠᠭᠠᠨ ᠦᠯᠵᠠᠢ ᠭᠠᠷ ᠠᠴᠠ ᠮᠤᠯᠳᠤᠷᠠᠬᠤ ᠳᠤ᠂ ᠬᠤᠨᠢᠨ ᠳᠤ ᠶᠠᠪᠤᠬᠰᠡᠨ ᠨᠢᠭᠡ ᠡᠳᠤᠷ ᠤᠳᠠᠵᠦ ᠲᠦᠲᠡᠯ ᠦᠭᠡᠢ ᠦᠩᠭᠡᠷᠡᠨ᠎ᠡ᠃ ᠴᠢᠩᠭᠢᠬᠦ ᠳᠡᠭᠡᠨ ᠪᠢ ᠲᠡᠲᠡᠭᠡᠷ ᠠᠵᠢᠯ ᠢ ᠠᠪᠤ ᠡᠵᠢ ᠠᠴᠠ ᠲᠡᠰᠦ ᠨᠢᠭᠤᠵᠦ ᠬᠢᠨ᠎ᠡ᠃ ᠬᠡᠷᠭᠡ ᠨᠢᠭᠡ ᠮᠡᠲᠡᠭᠲᠡᠭᠰᠡᠨ ᠪᠠᠶᠢᠵᠦ᠂ ᠭᠡᠮ ᠨᠢᠭᠦᠯ ᠬᠢᠭᠰᠡᠨ ᠶᠡᠯ᠎ᠡ ᠳᠤ ᠨᠤᠬᠳᠠᠵᠦ ᠠᠷᠡᠰᠦ ᠪᠠᠨ ᠱᠠᠭᠠᠯᠤᠭᠤᠯᠬᠤ ᠶᠢᠨ ᠨᠠᠭᠠᠨ᠎ᠡ ᠴᠠᠭᠠᠨ᠎ᠡ ᠪᠤᠯᠬᠤ ᠪᠠᠶᠢᠬ᠎ᠠ᠃      ᠵᠤᠰᠠᠯᠠᠩ ᠤᠨ ᠬᠤᠶᠢᠲᠡᠢ ᠬᠦᠷᠡᠩ ᠲᠡᠯ ᠲᠡᠭᠡᠷ᠎ᠡ ᠬᠠᠳᠠᠨ ᠤ ᠠᠩ ᠳᠤ ᠵᠤᠰᠤ ᠰᠢᠭ᠋ ᠵᠦᠭᠡᠯᠡᠨ ᠤᠯᠠᠭᠠᠨ ᠨᠠᠩᠬᠢ ᠰᠢᠪᠡᠷ ᠭᠠᠷᠤᠨ᠎ᠡ᠃ ᠡᠵᠢ ᠲᠡᠭᠦᠨ ᠠᠴᠠ ᠬᠠᠶᠠ ᠠᠪᠴᠦ ᠲᠡᠭ ᠤᠨ ᠢᠶᠠᠨ ᠤᠭᠤᠳᠠᠨ ᠳᠤ ᠬᠢᠨ᠎ᠡ᠃ ᠪᠤᠷᠤᠭᠠᠨ ᠤᠷᠤᠭᠰᠠᠭᠠᠷ ᠲᠡᠷᠡ ᠰᠢᠪᠡᠷ ᠡᠯᠲᠡᠭᠰᠡᠨ ᠭᠤᠯᠢᠷ ᠰᠢᠭ᠋ ᠠᠶᠠᠨᠳᠠᠭᠠᠨ ᠵᠦᠭᠡᠯᠡᠷᠡᠬᠦ ᠲᠤᠯᠠ ᠪᠢ ᠲᠡᠭᠦᠨ ᠢᠶᠠᠷ ᠰᠢᠷᠡᠭᠡ᠂ ᠰᠤᠯᠪᠢᠭᠤ᠂ ᠠᠶᠠᠰ ᠤᠯᠠᠨ ᠶᠠᠩᠵᠦ ᠶᠢᠨ ᠪᠦᠬᠦ ᠲᠠᠢ ᠲᠡᠮᠡᠭᠡᠳ᠂ ᠬᠤᠨᠢ ᠢᠮᠠᠭ᠎ᠠ᠂ ᠠᠵᠢᠷᠭ᠎ᠠ ᠠᠵᠢᠷᠭ᠎ᠠ ᠪᠠᠷ ᠠᠳᠤᠭᠤ᠂ ᠪᠠᠰᠡ ᠠᠪᠤ ᠪᠠᠨ ᠰᠢᠭ᠋ ᠲᠠᠶᠢᠮᠦ ᠪᠦᠭᠲᠦᠶᠢᠭᠰᠡᠨ ᠦᠨᠳᠦᠷ ᠬᠦᠮᠦᠨ ᠬᠢᠵᠦ ᠬᠠᠳᠠᠨ ᠤ ᠤᠷᠤᠢ ᠲᠡᠭᠡᠷ᠎ᠡ ᠦᠷᠦᠨ᠎ᠡ᠃ ᠡᠵᠢ ︽ᠲᠡᠮᠡᠭᠡ ᠮᠤᠷᠢ︾ ᠶᠢ ᠨᠢ ᠲᠤᠭᠤᠬᠤ ᠪᠤᠯᠪᠠᠴᠦ ︽ᠡᠵᠡᠨ︾ ᠢ ᠨᠢ ᠬᠠᠷᠢᠨ ᠠᠪᠤ ᠲᠠᠢ ᠬᠤᠯᠪᠤᠵᠦ ᠡᠯᠲᠡᠭ ᠢᠶᠠᠷ ᠱᠤᠭᠯᠠᠨ᠎ᠡ᠃ ᠠᠪᠤ ᠶᠢᠨ ᠬᠤᠪᠢ ᠳᠤ ᠪᠤᠯ ᠲᠡᠲᠡᠭᠡᠷ ᠪᠠᠷᠢᠮᠡᠯ ᠢ ᠶᠡᠭᠡᠲᠡ ᠪᠡᠯᠭᠡᠰᠢᠶᠠᠵᠦ ︽ᠮᠢᠨᠦ ᠬᠦᠦ ᠮᠠᠯ ᠤᠨ ᠪᠤᠶᠠᠨ  ᠲᠠᠢ ᠡᠷ᠎ᠡ ᠪᠤᠯᠬᠤ ᠨᠢ ᠡ︾ ᠭᠡᠬᠦ ᠳᠤ ᠪᠢ ᠵᠦᠩᠳᠡᠭᠡᠨ ᠶᠡᠭᠡ ᠤᠮᠤᠬᠰᠢᠳᠠᠭ᠃ ᠡᠳᠤᠷ ᠤᠨ ᠤᠳᠠᠭᠠᠨ ᠳᠤ ᠲᠡᠷᠡ ᠰᠢᠪᠡᠷ ᠢᠯᠡᠳᠲᠡ ᠬᠤᠷᠤᠬᠳᠠᠭᠰᠡᠨ ᠪᠠᠶᠢᠨ᠎ᠡ᠃ ᠴᠢᠩᠭᠢᠬᠦᠯᠡᠷ ︽ᠭᠠᠵᠠᠷ ᠤᠨ ᠰᠢᠷᠬ᠎ᠠ ᠠᠨᠠᠭᠠᠬᠤ︾ ᠬᠡᠵᠦ ᠬᠦᠭᠡᠨᠡᠭᠰᠡᠨ ᠢᠮᠠᠭᠠᠳ ᠠᠴᠠ ᠨᠠᠯᠢᠶᠠᠳ ᠰᠦ ᠰᠢᠪᠳᠤᠷᠠᠵᠦ ᠠᠪᠠᠴᠢᠭᠠᠳ ᠬᠠᠳᠠᠨ ᠤ ᠠᠩ ᠳᠤ ᠲᠤᠰᠤᠭᠠᠬᠤ ᠳᠤ ᠡᠵᠢ ᠬᠤᠷᠢᠬᠯᠠᠳᠠᠭ ᠦᠭᠡᠢ ᠪᠠᠶᠢᠯ᠎ᠡ᠃      ᠵᠤᠨ ᠤ ᠰᠡᠭᠦᠯᠴᠢ ᠪᠠᠷ ᠪᠢᠲᠡ ᠪᠠᠰᠡ ᠤᠳᠤᠷᠯᠠᠨ ᠪᠠᠶᠢᠷᠢ ᠰᠤᠯᠢᠵᠦ᠂ ᠡᠪᠡᠰᠦ ᠰᠤᠯᠢ ᠬᠤᠩᠭᠤᠷᠰᠢᠭᠤᠯᠤᠨ ᠪᠦᠷ ᠬᠠᠳᠤᠯᠠᠩ ᠲᠠᠭᠤᠰᠬᠠᠭᠠᠳ᠂ ᠬᠢᠷᠠᠭᠤ ᠰᠡᠷᠢᠭᠦᠦ ᠤᠷᠤᠭᠰᠡᠨ ᠨᠠᠮᠤᠷ ᠤᠨ ᠰᠢᠪᠳᠤᠷᠠᠭᠠᠨ ᠢᠶᠠᠷ ᠰᠠᠶ᠋ᠢ ᠡᠪᠤᠯᠵᠢᠶᠠᠨ  ᠳᠡᠭᠡᠨ ᠪᠤᠴᠠᠨ᠎ᠡ᠃      ᠵᠤᠨᠵᠢᠨ ᠡᠵᠡᠭᠦᠢ ᠬᠤᠴᠤᠷᠤᠭᠰᠡᠨ ᠡᠪᠤᠯᠵᠢᠶ᠎ᠡ ᠬᠤᠷᠤᠭ᠎ᠠ ᠪᠠᠨ ᠠᠵᠢᠬᠯᠠᠬᠤ ᠳᠤ ᠶᠡᠭᠡᠲᠡ ᠬᠤᠪᠢᠷᠠᠴᠢᠬᠠᠭᠰᠡᠨ᠂ ᠬᠤᠨᠢᠨ ᠤ ᠬᠤᠨᠲᠡ ᠦᠶᠡᠷ ᠢᠶᠠᠷ ᠤᠷᠤᠰᠴᠦ᠂ ᠬᠤᠲᠡᠨ ᠤ ᠵᠠᠬ᠎ᠠ ᠶᠢ ᠯᠤᠤᠯᠢ᠂ ᠱᠤᠷᠤᠨ᠎ᠡ᠂ ᠤᠰᠤᠨ ᠬᠠᠮᠬᠤᠤᠯ ᠪᠢᠲᠡᠭᠦᠦ ᠪᠦᠭᠯᠡᠵᠦ᠂ ᠰᠤᠴᠠᠭ ᠤᠨ ᠲᠠᠷᠡᠰᠦ ᠬᠦᠯ ᠤᠷᠢᠶᠠᠨ᠂ ᠬᠤᠳᠳᠤᠭ ᠠᠴᠠ ᠴᠠᠰᠢ ᠦᠷᠭᠦᠯᠵᠢᠯᠠᠬᠦ ᠮᠠᠯ ᠤᠨ ᠴᠤᠪᠤᠭ᠎ᠠ ᠬᠦᠷᠲᠡᠯ᠎ᠡ ᠡᠪᠡᠰᠦᠨ ᠳᠤ ᠪᠤᠯᠠᠭᠳᠠᠨ ᠪᠢᠲᠡᠭᠦᠷᠡᠴᠢᠭᠡᠭᠰᠡᠨ ᠪᠠᠶᠢᠨ᠎ᠡ᠃      ᠰᠦᠯ ᠤᠨ ᠴᠠᠭ ᠢᠶᠠᠷ ᠠᠭᠤᠯᠠᠨ ᠳᠤ ᠬᠤᠨᠢ ᠬᠠᠷᠢᠭᠤᠯᠬᠤ ᠨᠢ ᠮᠦᠨ ᠬᠦ ᠮᠢᠨᠦ ᠡᠭᠦᠷᠭᠡ᠃ ᠴᠠᠷᠴᠡ ᠲᠡᠪᠭᠡᠷᠭᠡ ᠱᠠᠷᠬᠢᠭᠰᠡᠨ ᠨᠠᠮᠤᠷ ᠤᠨ ᠠᠭᠤᠯᠠ ᠤᠯᠠᠭᠠᠨ᠂ ᠰᠢᠷ᠎ᠡ᠂ ᠬᠦᠷᠡᠩ ᠦᠩᠭᠡ ᠪᠠᠷ ᠠᠯᠠᠬᠯᠠᠨ᠂ ᠦᠷᠡᠯᠡᠨ ᠬᠠᠯᠢᠭᠤᠷᠠᠭᠰᠡᠨ ᠰᠢᠮᠡᠲᠦ ᠡᠪᠡᠰᠦᠨ ᠤ ᠱᠠᠩᠳᠠᠭᠤᠨ ᠦᠨᠦᠷ ᠲᠡᠯᠡᠭᠡᠢ ᠲᠦᠭᠦᠷᠡᠩ ᠠᠩᠭᠢᠯᠦᠨ᠎ᠡ᠃ ᠪᠤᠷᠤ ᠲᠤᠶᠢᠮᠤᠭ ᠪᠢᠯᠵᠤᠤᠬᠠᠢ ᠪᠤᠰᠤᠨ ᠰᠠᠭᠤᠨ ᠵᠢᠷᠬᠢᠵᠦ᠂ ᠦᠲᠦ ᠵᠢᠭᠦᠷ ᠨᠢ ᠰᠤᠯᠤᠩᠭᠠᠷᠠᠭᠰᠡᠨ᠂ ᠰᠢᠷ᠎ᠡ᠂ ᠤᠯᠠᠭᠠᠨ ᠢᠶᠠᠷ ᠠᠯᠠᠬᠯᠠᠭᠰᠡᠨ ᠵᠦᠢᠯ ᠵᠦᠢᠯ ᠤᠨ ᠬᠦᠭᠡᠷᠦᠭᠦᠨ ᠰᠢᠪᠠᠭᠤᠳ ᠪᠤᠲᠡ ᠮᠤᠲᠦ ᠲᠠᠮᠵᠢᠨ ᠨᠢᠰᠴᠦ᠂ ᠭᠠᠳᠤᠰ ᠤᠨ ᠦᠨᠳᠦᠷ ᠬᠢᠷ᠎ᠡ ᠳᠤ ᠭᠠᠭᠴᠡ ᠬᠤᠶᠠᠷ ᠬᠤᠨᠢᠨ ᠬᠦᠷᠦᠭᠡᠰᠦ ᠬᠤᠯᠡ ᠶᠢ ᠪᠠᠷᠠᠯᠠᠵᠦ ᠭᠡᠰᠡᠭ ᠵᠤᠬᠰᠤᠭᠰᠡᠨ ᠢᠶᠠᠨ ᠲᠦᠲᠡᠭᠡᠨ ᠵᠠᠭᠤᠷ᠎ᠡ ᠴᠠᠰᠢ ᠲᠠᠯᠳᠡᠷᠢᠨ᠎ᠡ᠃ ᠬᠤᠨᠢ ᠢᠮᠠᠭᠠᠳ ᠰᠦᠯ ᠳᠤ ᠲᠤᠬᠳᠠᠨ ᠨᠠᠯᠠᠶᠢᠵᠦ᠂ ︽ᠬᠤᠨᠢᠴᠢᠨ︾ ᠪᠢ ᠬᠡᠬᠡᠷ᠎ᠡ ᠶᠢᠨ ᠡᠨᠡ ᠵᠢᠷᠭᠠᠯ ᠳᠤ ᠰᠤᠬᠳᠤᠭᠤᠷᠠᠨ᠎ᠡ᠃      ᠨᠠᠷᠡ ᠪᠠᠷᠠᠭᠤᠨᠰᠢ ᠲᠤᠩᠭᠤᠵᠦ ᠠᠭᠤᠯᠠ ᠶᠢᠨ ᠰᠡᠭᠦᠳᠡᠷ ᠪᠠᠭᠤᠬᠤ ᠳᠤ ᠬᠤᠨᠢᠳ ᠢᠶᠠᠨ ᠭᠠᠵᠠᠷ ᠤᠨ ᠴᠠᠭᠠᠨ ᠤᠷᠤᠭᠤ ᠵᠠᠯᠠᠵᠦ᠂ ᠵᠤᠨ ᠤ ᠡᠬᠢ ᠪᠠᠷ ᠠᠪᠤ ᠪᠢᠲᠡ ᠬᠤᠶᠠᠷ ᠤᠨ ᠰᠦ ᠲᠤᠰᠤᠭᠠᠭᠰᠡᠨ ᠦᠨᠦ ᠰᠢᠪᠡᠷ ᠲᠠᠢ ᠬᠤᠩᠬᠤᠷ ᠲᠡᠭᠡᠷ᠎ᠡ ᠪᠠᠨ ᠤᠴᠢᠪᠡᠯ᠂ ᠲᠤᠳᠤᠷ᠎ᠡ ᠨᠢ ᠲᠤᠰᠤᠨ ᠢᠯᠪᠠᠭᠠᠷ᠎ᠡ᠂ ᠤᠰᠤᠲᠦ᠂ ᠪᠤᠳᠢᠥᠯ ᠲᠦᠭᠦᠷᠡᠩ ᠤᠷᠭᠤᠵᠦ᠂ ᠢᠷᠠᠭᠳᠠᠭᠰᠡᠨ ᠬᠦᠷᠦᠰᠦ ᠨᠢ ᠤᠲᠦ ᠦᠭᠡᠢ ᠰᠠᠶᠢᠬᠠᠨ ᠡᠲᠡᠭᠡᠷᠡᠭᠰᠡᠨ ᠪᠠᠶᠢᠪᠡ᠃      ︽ᠴᠠᠭᠠᠨ ᠰᠦ ᠭᠠᠵᠠᠷ ᠤᠨ ᠰᠢᠷᠬ᠎ᠠ ᠠᠨᠠᠭᠠᠳᠠᠭ︾ ᠭᠡᠰᠡᠨ ᠠᠪᠤ ᠶᠢᠨ ᠦᠭᠡ ᠠᠷᠭ᠎ᠠ ᠦᠭᠡᠢ ︽ᠦᠨᠡᠨ︾ ᠪᠠᠶᠢᠵᠠᠢ᠃
 
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号