ᠠᠯᠲᠡᠨ ᠤᠯᠤᠰ ᠤᠨ ᠰᠡᠷᠭᠡᠶᠢᠯᠡᠯᠲᠡ ᠶᠢᠨ ᠭᠤᠤ ︵ᠪᠤᠶᠦ ᠬᠡᠷᠡᠮ︶
ᠨᠡᠶᠢᠲᠡᠯᠡᠭᠰᠡᠨ ᠴᠠᠭ᠄
2019-08-26
     ︽ᠠᠯᠲᠡᠨ ᠤᠯᠤᠰ ᠤᠨ ᠲᠡᠦᠭᠡ︾ ᠳᠤ ᠲᠡᠮᠲᠡᠭᠯᠡᠭᠰᠡᠨ ᠢ ᠦᠨᠳᠦᠰᠦᠯᠡᠪᠡᠯ᠂ ᠲᠢᠶᠠᠨ ᠵᠢᠦᠸᠠᠨ ᠤ ᠲᠡᠷᠢᠭᠦᠨ ᠤᠨ ︵1138 ᠤᠨ︶ ᠠᠴᠠ ᠡᠮᠦᠨ᠎ᠡ᠂ ᠳ᠋ᠦᠩᠪᠧᠢ ᠴᠦᠯᠭᠡ ᠶᠢᠨ ᠲᠠᠶᠢᠵᠸᠦ ᠶᠢᠨ ᠬᠢᠵᠠᠭᠠᠷ ᠲᠤ ᠨᠢᠭᠡᠨ ᠵᠤᠷᠪᠤᠰ ᠭᠤᠤ ᠪᠠᠶᠢᠭᠤᠯᠵᠦ᠂ ᠳ᠋ᠠ ᠴᠢᠩ ᠤᠨ ᠠᠷᠪᠠᠨ ᠲᠤᠯᠤᠳᠤᠭᠠᠷ ᠤᠨ ︵1177 ᠤᠨ︶ ᠪᠤᠯᠤᠨ ᠬᠤᠷᠢᠨ ᠨᠢᠭᠡᠳᠤᠭᠡᠷ ᠤᠨ ︵1181 ᠤᠨ︶ ᠳᠤ ᠪᠠᠰᠡ ᠳ᠋ᠦᠩᠪᠧᠢ ᠴᠦᠯᠭᠡ᠂ ᠯᠢᠨᠬᠤᠸᠠᠩ ᠴᠦᠯᠭᠡ᠂ ᠰᠢᠪᠧᠢ ᠴᠦᠯᠭᠡ ᠪᠤᠯᠤᠨ ᠰᠢᠨᠠᠨ ᠴᠦᠯᠭᠡ  ᠶᠢᠨ ᠭᠤᠤ ᠪᠠᠶᠢᠭᠤᠯᠤᠭᠰᠡᠨ ᠪᠦᠭᠡᠳ ᠪᠠᠰᠡ ᠲᠡᠭᠦᠨ ᠢ ᠨᠢᠭᠡᠨ ᠱᠤᠭᠤᠮ ᠪᠤᠯᠭᠠᠨ ᠬᠤᠯᠪᠤᠨ ᠬᠡᠯᠬᠢᠵᠠᠢ᠃ ᠡᠨᠡ ᠭᠤᠤ  ᠨᠢ ᠤᠳᠤ ᠶᠢᠨ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠮᠤᠷᠢᠨᠳᠠᠪᠠᠭ᠎ᠠ ᠶᠢᠨ ᠲᠠᠭᠤᠷ ᠦᠨᠳᠦᠰᠦᠲᠡᠨ  ᠤ ᠦᠪᠡᠷᠲᠡᠭᠡᠨ ᠵᠠᠰᠠᠬᠤ ᠬᠤᠰᠢᠭᠤᠨ ᠤ ᠨᠢᠷᠬᠢ ᠪᠠᠯᠭᠠᠰᠤᠨ ᠤ ᠤᠮᠠᠷᠠᠲᠦ ᠳᠠᠬᠢ 8 ᠺᠢᠯᠤᠮᠧᠲᠷ ᠤᠷᠴᠢᠮ ᠪᠠᠶᠢᠳᠠᠭ ᠴᠢ ᠵᠢᠶᠠ ᠽᠢ ᠲᠤᠰᠬᠤᠨ ᠤ ᠤᠶᠢᠷᠠᠯᠴᠠᠭ᠎ᠠ ᠭᠠᠵᠠᠷ ᠠᠴᠠ ᠡᠬᠢᠯᠡᠵᠦ᠂ ᠦᠴᠦᠸᠠᠨ ᠰᠢᠶᠠᠨ ᠤ ᠱᠠᠩ ᠮᠢᠶᠤᠤ ᠭᠸᠦ ᠲᠤᠰᠬᠤᠨ ᠤ ᠡᠮᠦᠨᠡᠬᠢ ᠲᠠᠯᠠᠨ ᠬᠠᠷ᠎ᠡ ᠠᠭᠤᠯᠠ ᠶᠢᠨ ᠬᠤᠶᠢᠲᠦ ᠲᠡᠯ᠎ᠡ ᠳᠤ ᠬᠦᠷᠲᠡᠭ᠂ ᠪᠦᠬᠦ ᠤᠷᠲᠦ ᠨᠢ ᠪᠠᠷᠤᠭ 6500 ᠺᠢᠯᠤᠮᠧᠲᠷ᠃      ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤ ᠶᠢ ᠲᠡᠮᠵᠢᠬᠰᠡᠨ ᠠᠯᠲᠡᠨ ᠤᠯᠤᠰ ᠤᠨ ᠭᠤᠤ ᠨᠢ ᠤᠮᠠᠷᠠᠰᠢ ᠡᠮᠦᠨᠡᠰᠢ ᠴᠢᠭᠯᠡᠯ ᠲᠠᠢ᠂ ᠦᠴᠦᠸᠠᠨ ᠰᠢᠶᠠᠨ ᠤ ᠡᠯ ᠹᠧᠨ ᠽᠢ ᠰᠢᠶᠠᠩ ᠠᠴᠠ ᠬᠤᠰᠢᠭᠤᠨ ᠤ ᠬᠢᠯᠢ ᠳᠤ ᠤᠷᠤᠵᠦ᠂ ᠬᠦᠨᠲᠠᠢ ᠲᠡᠯ᠎ᠡ᠂ ᠡᠷᠳᠡᠨᠢᠬᠤᠪᠤᠭ᠎ᠠ ᠰᠤᠮᠤ ᠶᠢ ᠰᠤᠨᠳᠠᠯᠠᠨ ᠦᠩᠭᠡᠷᠡᠵᠦ᠂ ᠤᠮᠠᠷᠠᠰᠢ ᠪᠠᠨ ᠲᠦᠷᠪᠡᠳ ᠬᠤᠰᠢᠭᠤᠨ ᠳᠤ ᠤᠷᠤᠳᠠᠭ᠃ ᠲᠠᠷᠬᠠᠨ ᠮᠤᠤᠮᠢᠩᠭᠠᠨ ᠬᠤᠰᠢᠭᠤᠨ ᠤ ᠬᠢᠵᠠᠭᠠᠷ ᠲᠠᠬᠢ ᠪᠦᠬᠦ ᠤᠷᠲᠦ ᠨᠢ 70 ᠺᠢᠯᠤᠮᠧᠲᠷ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号