ᠰᠡᠳᠬᠢᠯ ᠤᠨ ᠭᠡᠭᠡ ᠲᠠᠢ ᠪᠤᠷᠬᠠᠳ
ᠨᠡᠶᠢᠲᠡᠯᠡᠭᠰᠡᠨ ᠴᠠᠭ᠄
2019-08-21
           — ᠨᠤᠳᠤᠭ ᠤᠨ ᠪᠤᠭᠤᠷᠤᠯ ᠢᠶᠠᠨ ᠲᠤᠷᠠᠰᠬᠤ ᠳᠤ ᠨᠤᠷ᠎ᠡ ᠡᠯᠡᠰᠦ ᠰᠢᠭ ᠰᠡᠳᠬᠢᠯ ᠶᠠᠭᠦᠷᠡᠨᠠᠮ                                                                ᠰ᠊᠂ ᠰᠡᠴᠠᠨᠳᠠᠯᠠᠢ        ᠬᠦᠭᠡ ᠲᠡᠭᠷᠢ ᠪᠠᠨ ᠨᠢᠲᠦ ᠲᠠᠢ ᠭᠡᠵᠦ ᠰᠢᠳᠦᠳᠡᠭ    ᠬᠦᠭᠡᠮᠳᠦᠭ ᠠᠭᠤᠯᠠᠰ ᠢᠶᠠᠨ ᠡᠵᠡᠯᠡᠭᠴᠢ ᠲᠠᠢ ᠭᠡᠵᠦ ᠰᠡᠷᠵᠢᠮᠯᠡᠲᠡᠭ    ᠬᠦᠮᠦᠨ ᠤ ᠵᠠᠶᠠᠭ᠎ᠠ ᠵᠢᠷᠤᠬᠠᠢ ᠲᠠᠢ ᠭᠡᠵᠦ ᠦᠨᠡᠮᠰᠢᠲᠡᠭ    ᠬᠦᠰᠡᠯ ᠤᠨ ᠰᠠᠨᠠᠭ᠎ᠠ ᠬᠢᠵᠠᠭᠠᠷ ᠲᠠᠢ ᠬᠡᠵᠦ ᠴᠢᠩᠳᠠᠯᠠᠳᠠᠭ    ᠬᠦᠲᠡᠭᠡ ᠶᠢᠨ ᠬᠦᠭᠡ ᠡᠪᠦᠭᠡᠳ ᠮᠢᠨᠢ    ᠬᠦᠳᠦᠰᠦᠨ ᠲᠡᠪᠡᠯ ᠲᠠᠢ ᠪᠤᠷᠬᠠᠳ ᠶᠤᠮ ᠳ᠋ᠠ          ᠠᠯᠳᠠᠨ ᠨᠠᠷᠡᠨ ᠰᠠᠬᠢᠭᠤᠰᠦ ᠭᠡᠵᠦ ᠲᠡᠭᠡᠳᠤᠯᠡᠲᠡᠭ    ᠠᠯᠠᠭ ᠲᠤᠭᠤᠷᠢᠮ ᠢᠶᠠᠨ ᠨᠠᠪᠳᠠᠭ ᠲᠠᠢ ᠭᠡᠵᠦ ᠠᠷᠢᠭᠤᠯᠳᠠᠭ    ᠠᠮᠢ ᠨᠠᠰᠦ ᠪᠦᠬᠦᠨ ᠠᠳᠠᠯᠢᠬᠠᠨ ᠭᠡᠵᠦ ᠨᠠᠨᠳᠢᠩᠨᠠᠳᠠᠭ    ᠠᠮᠢᠳᠠᠨ ᠲᠠᠪᠤᠨ ᠵᠦᠢᠯ ᠢ ᠪᠤᠶᠠᠨ ᠰᠠᠨᠠᠵᠦ ᠬᠦᠬᠡᠷᠦᠭᠦᠶᠢᠯᠡᠲᠡᠭ    ᠠᠮᠢᠳᠦ ᠲᠡᠦᠭᠡ ᠲᠠᠢ ᠪᠤᠭᠤᠷᠤᠯ ᠤᠳ ᠮᠢᠨᠢ    ᠢᠯᠭᠠᠯ ᠦᠭᠡᠢ ᠰᠡᠳᠬᠢᠯᠲᠦ ᠪᠤᠷᠬᠠᠳ ᠶᠤᠮ ᠳ᠋ᠠ          ᠭᠠᠴᠠᠭᠠᠵᠦ ᠵᠤᠪᠠᠭᠠᠬᠤ ᠶᠢ ᠨᠢᠭᠦᠯ ᠭᠡᠵᠦ ᠵᠠᠯᠪᠠᠷᠢᠳᠠᠭ    ᠭᠠᠷᠳᠠᠭᠠᠵᠦ ᠮᠤᠬᠤᠭᠠᠬᠤ ᠶᠢ ᠤᠰᠤᠯ ᠭᠡᠵᠦ ᠬᠢᠴᠢᠶᠡᠲᠡᠭ    ᠭᠠᠭᠴᠡ ᠲᠤᠷᠤᠢ ᠶᠢ ᠲᠡᠳᠭᠦᠨ᠎ᠡ ᠭᠡᠵᠦ ᠦᠨᠳᠡᠯᠵᠡᠲᠡᠭ    ᠭᠠᠳᠠᠨᠠᠬᠢ ᠲᠤᠳᠤᠨᠠᠬᠢ ᠲᠡᠭᠰᠢᠭᠡᠨ ᠭᠡᠵᠦ ᠦᠷᠦᠪᠳᠦᠳᠡᠭ    ᠭᠠᠷ ᠲᠠᠭᠠᠨ ᠮᠠᠨᠢ ᠲᠠᠢ ᠲᠡᠭᠡᠳᠤᠰ ᠮᠢᠨᠢ    ᠭᠠᠴᠢᠯᠠᠩ ᠠᠴᠠ ᠠᠪᠤᠷᠠᠳᠠᠭ ᠪᠤᠷᠬᠠᠳ ᠶᠤᠮ ᠳ᠋ᠠ        ᠮᠠᠩᠨᠤᠭ ᠨᠤᠳᠤᠭ ᠢᠶᠠᠨ ᠠᠮᠢ ᠪᠠᠨ ᠭᠡᠵᠦ ᠡᠷᠡᠰᠲᠡᠭ    ᠮᠠᠯ ᠰᠦᠷᠦᠭ ᠢᠶᠠᠨ ᠪᠤᠶᠠᠨ ᠢᠶᠠᠨ ᠭᠡᠵᠦ ᠦᠪᠯᠡᠲᠡᠭ    ᠮᠠᠬᠳᠠᠭᠠᠯ ᠰᠠᠶᠢᠰᠢᠶᠠᠯ ᠢ ᠲᠡᠩᠳᠡᠭᠦᠦ ᠭᠡᠵᠦ ᠵᠠᠶᠢᠯᠠᠳᠠᠭ    ᠮᠠᠭᠠᠳ ᠦᠢᠯᠡᠷ ᠢ ᠠᠯᠳᠠᠰᠢ ᠭᠡᠵᠦ ᠵᠢᠷᠦᠭᠡᠰᠢᠶᠠᠲᠡᠭ    ᠮᠠᠶᠢᠵᠢᠬᠢ ᠠᠯᠬᠤᠭ᠎ᠠ ᠲᠠᠢ ᠴᠦ ᠮᠦᠷ ᠨᠢ ᠲᠦᠪ ᠡᠪᠦᠭᠡᠳ ᠮᠢᠨᠢ    ᠮᠢᠩᠭᠠᠨ ᠵᠢᠯ ᠳᠤ ᠲᠠᠬᠢᠵᠦ ᠤᠴᠠᠷᠠᠬᠤ ᠦᠭᠡᠢ ᠪᠤᠷᠬᠠᠳ ᠶᠤᠮ ᠳ᠋ᠠ        ᠡᠨᠡᠷᠢᠬᠦ ᠰᠡᠳᠬᠢᠯ ᠠᠴᠠ ᠨᠢ ᠰᠦ ᠢᠪᠢᠯᠲᠡᠭ ᠵᠤᠨ    ᠡᠷᠬᠢᠮ ᠴᠢᠨᠠᠷ ᠠᠴᠠ ᠨᠢ ᠰᠦᠯᠲᠡ ᠪᠠᠳᠠᠷᠠᠳᠠᠭ ᠵᠤᠯᠠ    ᠡᠭᠡᠯ ᠲᠦᠷᠭᠦ ᠠᠴᠠ ᠨᠢ ᠤᠷᠴᠢᠯᠠᠩ ᠬᠡᠶᠢᠲᠡᠭ ᠲᠤᠯᠢ    ᠡᠯᠪᠡᠷᠢᠯ ᠵᠢᠷᠤᠮ ᠠᠴᠠ ᠨᠢ ᠬᠤᠷᠸ᠎ᠠ ᠤᠬᠠᠭᠠᠵᠢᠳᠠᠭ ᠲᠤᠤᠯᠢ    ᠡᠷᠲᠡᠨ ᠤ ᠦᠯᠢᠭᠡᠷ ᠤᠨ ᠪᠠᠭᠠᠳᠤᠷ ᠰᠢᠭ᠋ ᠨᠠᠰᠤᠳᠠᠳ ᠮᠢᠨᠢ    ᠡᠲᠦᠭᠡ ᠴᠠᠭ ᠤᠨ ᠲᠤᠮᠤᠭ ᠰᠢᠭ᠋ ᠪᠤᠷᠬᠠᠳ ᠶᠤᠮ ᠳ᠋ᠠ        ᠪᠠᠶᠢᠭᠠᠯᠢ ᠪᠠᠨ ᠰᠡᠯᠪᠢᠲᠡᠭ ᠬᠦᠨ ᠤᠬᠠᠭᠠᠨ ᠤ ᠨᠡᠪᠲᠡᠷᠭᠡᠢ    ᠪᠠᠷᠢᠴᠡ ᠠᠯᠳᠠᠳᠠᠭ ᠦᠭᠡᠢ ᠪᠤᠮᠠᠨ ᠬᠡᠯᠡᠴᠡ ᠶᠢᠨ ᠲᠦᠷᠢᠮᠡᠭᠡᠢ    ᠪᠠᠶᠢᠴᠠ ᠪᠠᠨ ᠰᠠᠬᠢᠬᠰᠡᠨ ᠶᠡᠭᠡ ᠤᠰᠤᠨ ᠤ ᠰᠢᠷᠦᠩᠬᠠᠢ    ᠪᠠᠯᠠᠷᠡᠰᠢ ᠦᠭᠡᠢ ᠤᠯᠠᠮᠵᠢᠯᠠᠬᠤ ᠮᠦᠩᠭᠡ ᠲᠡᠭᠷᠢ ᠶᠢᠨ ᠵᠢᠷᠤᠬᠠᠢ    ᠪᠠᠭ᠎ᠠ ᠳᠠᠭᠠᠨ ᠦᠵᠡᠭᠰᠡᠨ ︽ᠨᠢᠭᠤᠴᠡ ᠲᠤᠪᠴᠢᠶᠠᠨ︾ ᠤ ᠪᠤᠭᠤᠷᠤᠯ ᠤᠳ ᠮᠢᠨᠢ    ᠪᠠᠶᠢᠩᠭᠤ ᠲᠤᠷᠠᠰᠤᠬᠳᠠᠬᠤ ︽ᠠᠯᠳᠠᠨ ᠭᠠᠨᠵᠤᠤᠷ︾ ᠤᠨ ᠪᠤᠷᠬᠠᠳ ᠶᠤᠮ ᠳ᠋ᠠ᠃
 
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号