ᠪᠤᠭᠤᠷᠤᠯ ᠲᠤᠬᠤᠢ ᠬᠠᠶᠢᠷᠬᠠᠨ
ᠨᠡᠶᠢᠲᠡᠯᠡᠭᠰᠡᠨ ᠴᠠᠭ᠄
2019-07-29
                                      ᠵᠤᠬᠢᠶᠠᠬᠴᠢ᠄ ᠳ᠋᠊᠂ ᠰᠡᠷᠭᠦᠯᠡᠩ      ᠠᠽᠢᠶ᠎ᠡ ᠶᠢᠨ ᠲᠡᠨᠢᠭᠡᠷ ᠬᠤᠷᠮᠤᠢ ᠳᠤ      ᠠᠯᠠᠭ᠎ᠠ ᠪᠠᠨ ᠲᠠᠷᠤᠵᠦ      ᠠᠯᠳᠠᠨ ᠰᠢᠷᠤᠢ ᠶᠢ ᠨᠢ ᠦᠨᠦᠰᠦᠭᠡᠳ      ᠠᠪᠤᠷᠭᠤ ᠯᠤᠤ ᠤᠷᠴᠢᠯᠠᠩ ᠳᠤ ᠰᠤᠨᠢᠶᠠᠵᠦ ᠬᠡᠪᠲᠡᠭᠰᠡᠨ      ᠠᠶ᠎ᠠ᠂ ᠪᠤᠭᠤᠷᠤᠯ ᠲᠤᠬᠤᠢ ᠬᠠᠶᠢᠷᠬᠠᠨ ᠮᠢᠨᠦ︕      ᠪᠦᠲᠦᠨ ᠲᠤᠤᠯᠢ ᠲᠠᠢ      ᠭᠠᠵᠠᠷ ᠤᠨ ᠶᠡᠭᠡ ᠲᠤᠬᠰᠢᠳ ᠲᠠᠨ ᠳᠠᠭᠠᠨ      ᠪᠦᠷᠦᠩ ᠰᠦᠨᠢ ᠦᠷ ᠲᠡᠮᠳᠡᠷᠢᠬᠦ ᠲᠤᠬᠢᠶᠠᠯ ᠢᠶᠠᠷ      ᠪᠤᠭᠤᠷᠤᠯ ᠲᠡᠭᠡᠲᠦᠰ ᠤᠨ      ᠰᠡᠳᠬᠢᠯ ᠤᠨ ᠰᠦᠮᠪᠦᠷ ᠲᠦᠰᠢᠨ      ᠪᠤᠬᠲᠡ ᠬᠠᠶᠢᠷᠬᠠᠨ ᠲᠡᠠᠨ᠎ᠡ      ᠰᠦᠵᠦᠭᠯᠡᠨ ᠮᠦᠷᠭᠦᠮᠤ᠂ ᠪᠢ      ᠡᠯᠴᠢᠯ ᠦᠭᠡᠢ ᠤᠳᠤᠬᠰᠡᠨ ᠮᠢᠩᠭᠠᠨ ᠵᠠᠭᠤᠨ ᠤ      ᠬᠦᠷᠲᠦ ᠡᠯᠡᠭᠡᠳ      ᠡᠷᠡᠭᠡᠢ ᠶᠢᠨ ᠴᠢᠨᠡᠭᠡ ᠵᠠᠢ ᠪᠠᠷ      ᠪᠦᠮᠪᠦᠷ ᠪᠦᠮᠪᠦᠷ ᠡᠷᠬᠢᠨ᠎ᠡ      ᠡᠵᠡᠨ ᠵᠠᠶᠠᠭ᠎ᠠ ᠪᠠᠭᠳᠠᠭᠰᠡᠨ      ᠮᠦᠩᠭᠦᠨ ᠲᠤᠭᠤᠷᠭ᠎ᠠ ᠨᠦᠮᠦᠷᠴᠦ      ᠡᠷᠲᠡ ᠶᠢᠨ ᠨᠠᠷᠡᠨ ᠤ ᠬᠡᠷᠡᠯ ᠳᠤ      ᠰᠦᠯᠲᠡ ᠶᠢᠨ ᠰᠡᠷᠡᠭᠡ ᠬᠢᠯᠠᠯᠵᠡᠨ᠎ᠡ᠂      ᠭᠤᠪᠢ ᠶᠢᠨ ᠰᠠᠯᠬᠢᠨ ᠳᠤ      ᠬᠦᠬᠦᠯ ᠤᠨ ᠴᠠᠴᠤᠭ ᠰᠠᠵᠢᠯᠠᠭᠠᠳ      ᠭᠤᠯᠤᠮᠲᠡ ᠲᠦᠰᠢᠭᠰᠡᠨ ᠦᠷᠡᠰ      ᠡᠩᠭᠡᠷ ᠨᠦᠮᠦᠷᠢ ᠳᠤ ᠴᠢᠨᠢ ᠠᠮᠤᠭᠤᠯᠠᠩ ᠪᠠᠶᠢᠨ᠎ᠡ᠃      ᠢᠯᠢᠭᠰᠡᠨ ᠵᠤ ᠰᠢᠭ᠋ ᠲᠡᠯ᠎ᠡ ᠳᠤ      ᠤᠷᠤᠯᠳᠤᠭᠠᠨ ᠤ ᠮᠤᠷᠢᠳ      ᠲᠤᠭᠤᠰᠤᠷᠠᠬᠤ ᠳᠤ      ᠡᠭᠦᠯᠡᠨ ᠬᠡ ᠲᠠᠢ ᠮᠠᠶᠢᠬᠠᠨ ᠤ ᠪᠠᠳᠠᠩ      ᠪᠠᠷᠢᠶᠠᠨ ᠤ ᠲᠤᠭ ᠰᠢᠭ᠋ ᠲᠠᠷᠪᠡᠯᠵᠡᠨ ᠪᠠᠶᠢᠨ᠎ᠡ      ᠠᠯᠳᠠᠨ ᠲᠤᠬᠤᠢ ᠬᠠᠶᠢᠷᠬᠠᠨ ᠮᠢᠨᠢ      ᠠᠶᠢᠪᠠᠭ᠎ᠠ ᠭᠤᠤᠯ ᠤᠨ ᠲᠤᠩᠭᠠᠯᠠᠭ ᠤᠰᠤ      ᠠᠩᠭᠢᠷᠬᠠᠨ ᠴᠠᠭᠠᠨ ᠰᠦ ᠶᠤᠮ ᠡ      ᠠᠮᠠᠰᠠᠷ ᠢᠶᠠᠷ ᠢᠶᠠᠨ ᠮᠡᠯᠲᠡᠯᠵᠡᠭᠡᠳ      ᠮᠦᠩᠭᠦᠨ ᠴᠦᠬᠦᠴᠠ ᠨᠢ ᠴᠡᠭᠡᠯᠵᠢᠭᠭᠡᠨ ᠪᠠᠶᠢᠨ᠎ᠡ      ᠠᠰᠠᠬᠤ ᠬᠦᠰᠡᠯ ᠮᠢᠨᠢ      ᠲᠤᠯᠭᠠᠨ ᠤ ᠴᠤᠭ ᠰᠢᠭ᠋ ᠬᠠᠯᠠᠭᠤᠬᠠᠨ ᠶᠤᠮ ᠡ      ᠠᠮᠤᠭᠤᠯᠠᠩ ᠢᠶᠠᠨ ᠲᠠᠭᠠᠳᠬᠠᠵᠦ      ᠠᠵᠡ ᠶᠢᠨ ᠲᠠᠯᠠᠯᠭ᠎ᠠ ᠪᠠᠨ ᠬᠤᠷᠤᠶᠢᠯᠠᠩᠬᠠᠨ ᠪᠠᠶᠢᠨ᠎ᠡ      ᠠᠮᠢᠨ ᠤᠪᠤᠭ᠎ᠠ ᠮᠢᠨᠢ      ᠠᠷᠦ ᠭᠤᠪᠢ ᠶᠢᠨ ᠰᠢᠲᠦᠭᠡᠨ ᠤᠪᠤᠭ᠎ᠠ ᠮᠢᠨᠢ ᠡ︕                               ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号