ᠨᠠᠭᠠᠳᠤᠮ ᠤᠨ ᠬᠤᠷᠡᠯ ᠤᠨ ᠮᠠᠰᠢᠨ ᠲᠡᠷᠭᠡᠨ ᠤ ᠭᠡᠭᠡᠷᠡᠯᠡᠨ ᠲᠠᠪᠬᠢᠬᠤ ᠤᠷᠤᠯᠳᠤᠭᠠᠨ ᠡᠬᠢᠯᠡᠪᠡ
ᠨᠡᠶᠢᠲᠡᠯᠡᠭᠰᠡᠨ ᠴᠠᠭ᠄
2019-07-24
     ᠨᠠᠷᠡ ᠬᠤᠷ᠎ᠡ ᠲᠡᠩᠴᠡᠭᠰᠡᠨ ᠨᠠᠯᠠᠭᠠᠷ ᠵᠤᠨ ᠤ 7 ᠰᠡᠷ᠎ᠡ ᠶᠢᠨ 20 ᠤ ᠡᠳᠤᠷ᠂ ᠲᠤᠯᠤᠳᠤᠭᠠᠷ ᠬᠤᠭᠤᠴᠠᠭᠠᠨ ᠤ ᠨᠡᠭᠦᠲᠡᠯ ᠰᠤᠶᠤᠯ ᠤᠨ ᠵᠤᠭᠠᠴᠠᠯ ᠤᠨ ᠨᠠᠶᠢᠷ ᠵᠢᠴᠢ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ 30 ᠳ᠋ᠤᠭᠠᠷ ᠤᠳᠠᠭᠠᠨ ᠤ ᠨᠠᠭᠠᠳᠤᠮ ᠤᠨ ᠶᠡᠭᠡ ᠬᠤᠷᠡᠯ ᠦᠪᠡᠲᠡᠭᠰᠢ ᠶᠡᠭᠡ ᠪᠠᠷ ᠡᠬᠢᠯᠡᠭᠰᠡᠨ ᠠᠴᠠ ᠨᠠᠭᠠᠰᠢ ᠨᠠᠭᠠᠳᠤᠮ ᠤᠨ ᠬᠤᠷᠡᠯ  ᠤᠨ ᠡᠯ᠎ᠡ ᠲᠦᠷᠦᠯ ᠤᠨ ᠤᠷᠤᠯᠳᠤᠭᠠᠨ ᠮᠦᠷᠦᠶᠢᠴᠡᠭᠡᠨ ᠡᠮᠬᠢ ᠲᠢᠭᠯᠢᠮ ᠲᠠᠢ ᠠᠮᠵᠢᠯᠲᠡ ᠲᠦᠭᠦᠷᠡᠩ ᠶᠡᠪᠤᠬᠳᠠᠭᠰᠠᠭᠠᠷ ᠪᠠᠶᠢᠨ᠎ᠡ᠃ 7 ᠰᠡᠷ᠎ᠡ ᠶᠢᠨ 22 ᠤ ᠡᠳᠤᠷ᠂ ᠪᠠᠳᠤᠬᠠᠭᠠᠯᠭ᠎ᠠ ᠶᠢᠨ ᠨᠠᠭᠠᠳᠤᠮ ᠰᠤᠶᠤᠯ ᠤᠨ ᠠᠵᠦ ᠦᠢᠯᠡᠰ ᠤᠨ ᠲᠤᠭᠤᠷᠢᠭ ᠲᠤ ᠲᠤᠬᠯᠠᠯᠲᠡ ᠦᠵᠡᠭᠦᠯᠭᠡ ᠵᠢᠴᠢ ᠮᠤᠷᠢᠨ ᠤ ᠭᠡᠲᠦᠨ ᠲᠦᠷᠦᠯ ᠤᠨ ᠲᠤᠭᠤᠷᠢᠭ ᠤᠷᠤᠯᠳᠤᠭᠠᠨ ᠠᠮᠵᠢᠯᠲᠡ ᠲᠡᠭᠦᠯᠲᠡᠷ ᠶᠠᠪᠤᠬᠳᠠᠭᠰᠡᠨ ᠠᠴᠠ ᠭᠠᠳᠠᠨ᠎ᠡ᠂ ᠭᠤᠪᠢ ᠮᠠᠰᠢᠨ ᠲᠡᠷᠭᠡᠨ ᠤ ᠬᠡᠬᠡᠷᠡᠯᠡᠨ ᠲᠠᠪᠬᠢᠬᠤ ᠤᠷᠤᠯᠳᠤᠭᠠᠨ ᠡᠬᠢᠯᠡᠵᠦ ᠶᠠᠪᠤᠬᠳᠠᠭᠰᠡᠨ ᠨᠢ ᠬᠤᠯᠠ ᠤᠶᠢᠷ᠎ᠡ ᠠᠴᠠ ᠬᠦᠷᠦᠯᠴᠠᠨ ᠢᠷᠡᠭᠰᠡᠨ ᠬᠡᠶᠢᠴᠢᠳ ᠵᠤᠴᠢᠳ ᠤᠨ ᠪᠠᠬ᠎ᠠ ᠶᠢ ᠲᠠᠳᠠᠭᠰᠡᠨ ᠪᠠᠶᠢᠨ᠎ᠡ᠃      ᠲᠤᠰ ᠤᠳᠠᠭᠠᠨ ᠤ ᠭᠤᠪᠢ ᠮᠠᠰᠢᠨ ᠲᠡᠷᠭᠡᠨ ᠤ ᠬᠡᠬᠡᠷᠡᠯᠡᠨ ᠲᠠᠪᠬᠢᠬᠤ ᠤᠷᠤᠯᠳᠤᠭᠠᠨ ᠳᠤ ᠦᠪᠦᠷ ᠮᠤᠩᠭᠤᠯ ᠤᠷᠤᠨ ᠤ ᠡᠯ᠎ᠡ ᠠᠶᠢᠮᠠᠭ ᠬᠤᠲᠡ ᠠᠴᠠ ᠭᠠᠳᠠᠨ᠎ᠡ᠂ ᠱᠠᠨᠳᠦ᠋ᠩ᠂ ᠾᠧᠪᠧᠢ ᠵᠡᠷᠭᠡ ᠭᠠᠳᠠᠨ᠎ᠡ ᠮᠤᠵᠢ ᠬᠤᠲᠡ ᠶᠢᠨ ᠵᠠᠭᠤᠭᠠᠳ ᠮᠠᠰᠢᠨ ᠲᠡᠷᠭᠡ ᠢᠳᠡᠪᠬᠢᠯᠡᠨ ᠤᠷᠤᠯᠴᠠᠵᠦ᠂ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠦᠷᠭᠡᠨ ᠠᠭᠤᠳᠠᠮ ᠲᠡᠯ᠎ᠡ ᠨᠤᠳᠤᠭ ᠲᠤ ᠪᠤᠯᠵᠤᠵᠦ᠂ ᠮᠡᠷᠭᠡᠵᠢᠯ ᠤᠨ ᠲᠤᠭᠤᠶᠢᠯᠠᠩ ᠪᠡ ᠮᠡᠷᠭᠡᠵᠢᠯ ᠤᠨ ᠪᠤᠰᠤ ᠲᠤᠭᠤᠶᠢᠯᠠᠩ᠂ ᠲᠠᠯᠠᠪᠠᠢ ᠶᠢᠨ ᠤᠷᠤᠯᠳᠤᠭᠠᠨ ᠬᠢᠭᠡᠳ ᠬᠡᠬᠡᠷᠡᠯᠡᠨ ᠲᠠᠪᠬᠢᠬᠤ ᠤᠷᠤᠯᠳᠤᠭᠠᠨ ᠭᠡᠵᠦ ᠬᠤᠶᠠᠷ ᠲᠦᠷᠦᠯ ᠵᠦᠢᠯ ᠬᠤᠪᠢᠶᠠᠨ ᠶᠠᠪᠤᠬᠳᠠᠭᠤᠯᠤᠭᠰᠡᠨ ᠪᠠᠶᠢᠨ᠎ᠡ᠃ 7 ᠰᠡᠷ᠎ᠡ ᠶᠢᠨ 22 ᠤ ᠡᠳᠤᠷ ᠲᠠᠯᠠᠪᠠᠢ ᠶᠢᠨ ᠤᠷᠤᠯᠳᠤᠭᠠᠨ ᠨᠢ ᠡᠬᠢᠯᠡᠨ ᠶᠠᠪᠤᠬᠳᠠᠵᠦ᠂ 7 ᠰᠡᠷ᠎ᠡ ᠶᠢᠨ 23 ᠤ ᠡᠳᠤᠷ ᠪᠠᠶ᠋ᠬᠠᠤᠪᠤᠭ᠎ᠠ ᠰᠤᠮᠤᠨ ᠠᠴᠠ ᠪᠠᠳᠤᠬᠠᠭᠠᠯᠭ᠎ᠠ ᠶᠢᠨ ᠬᠤᠶᠢᠲᠦ ᠭᠤᠤᠯ ᠬᠦᠷᠬᠦ 115 ᠺᠢᠯᠤᠮᠧᠲᠷ ᠤᠨ ᠬᠡᠬᠡᠷᠡᠯᠡᠨ ᠲᠠᠪᠬᠢᠬᠤ ᠤᠷᠤᠯᠳᠤᠭᠠᠨ ᠶᠠᠪᠤᠬᠳᠠᠬᠤ ᠪᠤᠯᠤᠨ᠎ᠡ᠃      ᠤᠷᠤᠯᠳᠤᠭᠠᠨ ᠤ ᠲᠠᠯᠠᠪᠠᠢ ᠳᠤ ᠴᠤᠬᠯᠠᠷᠠᠭᠰᠡᠨ ᠡᠯ᠎ᠡ ᠭᠠᠵᠠᠷ ᠤᠷᠤᠨ ᠤ ᠮᠠᠰᠢᠨ ᠲᠡᠷᠭᠡᠨ ᠤ ᠺᠯᠦ᠋ᠪ ᠤᠨ ᠲᠤᠰᠬᠠᠢ ᠮᠡᠷᠭᠡᠵᠢᠯ ᠳᠤ ᠵᠤᠷᠢᠭᠤᠯᠵᠦ ᠰᠤᠳᠤᠯᠤᠨ ᠰᠢᠨᠡᠴᠢᠯᠡᠭᠰᠡᠨ ᠮᠠᠰᠢᠨ ᠲᠡᠷᠭᠡ ᠨᠦᠭᠦᠳ ᠬᠤᠷᠠᠬᠰᠡᠨ ᠤᠯᠠᠨ ᠤ ᠬᠠᠷᠠᠭ᠎ᠠ ᠶᠢ ᠪᠤᠯᠢᠶᠠᠨ ᠰᠡᠳᠬᠢᠯ ᠢ ᠲᠡᠳᠠᠨ᠎ᠡ᠃ ᠲᠤᠰ ᠤᠳᠠᠭᠠᠨ ᠤ ᠮᠠᠰᠢᠨ ᠲᠡᠷᠭᠡᠨ ᠤ ᠤᠷᠤᠯᠳᠤᠭᠠᠨ ᠨᠢ ᠬᠦᠷᠢᠶ᠎ᠡ ᠬᠡᠪᠴᠢᠶ᠎ᠡ ᠦᠷᠭᠡᠨ᠂ ᠲᠤᠰᠬᠠᠢ ᠮᠡᠷᠭᠡᠵᠢᠯ ᠦᠨᠳᠦᠷ᠂ ᠤᠷᠤᠯᠴᠠᠭᠰᠡᠨ ᠲᠠᠮᠢᠷᠴᠢᠳ ᠠᠷᠪᠢᠨ᠂ ᠵᠠᠮ ᠱᠤᠭᠤᠮ ᠭᠤᠪᠢ ᠲᠡᠯ᠎ᠡ ᠨᠤᠳᠤᠭ ᠢ ᠰᠤᠨᠳᠠᠯᠠᠭᠰᠡᠨ ᠪᠠᠶᠠᠯᠢᠭ ᠠᠭᠤᠯᠭ᠎ᠠ ᠲᠠᠢ ᠰᠠᠶᠢᠬᠠᠨ ᠨᠠᠭᠠᠳᠤᠮ ᠪᠤᠯᠤᠭᠰᠡᠨ ᠪᠠᠶᠢᠨ᠎ᠡ᠃      ᠭᠤᠪᠢ ᠮᠠᠰᠢᠨ ᠲᠡᠷᠭᠡᠨ ᠤ ᠬᠡᠬᠡᠷᠡᠯᠡᠨ ᠲᠠᠪᠬᠢᠬᠤ ᠤᠷᠤᠯᠳᠤᠭᠠᠨ ᠨᠢ ᠮᠠᠰᠢᠨ ᠲᠡᠷᠭᠡᠨ ᠤ ᠲᠠᠮᠢᠷᠴᠢᠳ ᠲᠤ ᠨᠢᠭᠡ ᠤᠳᠠᠭᠠᠨ ᠤ ᠬᠦᠴᠦ ᠴᠢᠳᠠᠯ ᠢᠶᠠᠨ ᠰᠤᠷᠢᠬᠤ ᠰᠠᠶᠢᠬᠠᠨ ᠲᠠᠪᠴᠠᠩ ᠢ ᠬᠠᠩᠭᠠᠵᠦ ᠦᠭᠭᠦᠭᠰᠡᠨ ᠢᠶᠠᠷ ᠪᠠᠷᠠᠬᠤ ᠦᠭᠡᠢ ᠮᠠᠰᠢᠨ ᠲᠡᠷᠭᠡᠨ ᠤ ᠤᠷᠤᠯᠳᠤᠭᠠᠨ ᠢᠶᠠᠷ ᠲᠠᠮᠵᠢᠨ ᠦᠵᠡᠰᠭᠦᠯᠡᠩᠲᠦ ᠰᠠᠶᠢᠬᠠᠨ ᠲᠠᠷᠬᠠᠨ ᠮᠤᠤᠮᠢᠩᠭᠠᠨ ᠢᠶᠠᠨ ᠭᠠᠳᠠᠭᠰᠢ ᠲᠠᠨᠢᠯᠴᠠᠭᠤᠯᠤᠨ ᠤᠬᠠᠭᠤᠯᠵᠦ᠂ ᠦᠩ ᠦᠷᠭᠡᠨ ᠦᠯᠵᠠᠶᠢᠲᠦ ᠰᠠᠶᠢᠬᠠᠨ ᠨᠤᠳᠤᠭ ᠤᠰᠤ ᠪᠠᠨ ᠤᠯᠠᠮ ᠨᠢᠭᠡ ᠠᠯᠬᠤᠮ ᠭᠠᠳᠠᠭᠰᠢ ᠮᠡᠲᠡᠷᠡᠭᠦᠯᠵᠠᠢ᠃

                             ᠨᠠᠶᠢᠷᠠᠭᠤᠯᠤᠭᠴᠢ᠄ ᠽᠠᠨᠳᠠᠨᠮᠦ᠋ᠴᠢᠷ᠂ ᠬᠦᠢᠴᠡᠳᠭᠡᠭᠴᠢ

                       ᠬᠢᠨᠠᠬᠴᠢ᠄ ᠭᠠᠯᠪᠠᠳᠠᠷᠠᠬᠤ᠂ ᠶᠡᠷᠦᠩᠭᠡᠢ ᠬᠢᠨᠠᠬᠴᠢ᠄ ᠵᠠᠩ ᠭᠦᠢ ᠵᠧᠨ

                             ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ

 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号