ᠡᠩᠭᠡ ᠠᠮᠤᠭᠤᠯᠠᠩ ᠤᠨ ᠴᠡᠷᠢᠭ ᠤᠨ ᠬᠤᠸᠠᠷᠡᠨ
ᠨᠡᠶᠢᠲᠡᠯᠡᠭᠰᠡᠨ ᠴᠠᠭ᠄
2019-07-15
     ᠪᠠᠳᠤᠬᠠᠭᠠᠯᠭ᠎ᠠ ᠶᠢᠨ ᠪᠠᠷᠠᠭᠤᠨ ᠠᠮᠠ — ᠰᠡᠨᠵᠢᠲᠦ ᠬᠠᠷ᠎ᠡ᠂ ᠪᠤᠬᠠᠨ ᠬᠠᠷ᠎ᠡ ᠠᠭᠤᠯᠠ ᠶᠢᠨ ᠬᠤᠭᠤᠷᠤᠨᠳᠤᠭᠤᠷ ᠪᠠᠷᠠᠯᠠᠪᠡᠯ ︽ᠪᠢᠯᠢᠭ ᠱᠤᠩᠬᠤ︾ ᠬᠡᠵᠦ ᠭᠠᠳᠠᠰᠦ ᠰᠢᠭ᠋ ᠨᠠᠷᠢᠬᠠᠨ ᠤᠷᠤᠢ ᠲᠠᠢ ᠠᠭᠤᠯᠠ ᠬᠠᠷᠠᠭᠳᠠᠬᠤ ᠪᠦᠭᠡᠳ ᠲᠡᠭᠦᠨ ᠤ ᠦᠪᠦᠷ ᠲᠤ ᠪᠠᠶᠢᠬᠤ ᠠᠭᠤᠯᠠ ᠶᠢᠨ ᠣᠷᠣᠢ ᠲᠡᠭᠡᠷ᠎ᠡ ᠵᠡᠷᠭᠡᠯᠡᠵᠦ ᠪᠠᠷᠢᠭᠰᠡᠨ ᠴᠢᠯᠠᠭᠤᠨ ᠬᠡᠷᠡᠮ ᠦᠯᠦ ᠮᠡᠲᠡᠭ ᠦᠵᠡᠭᠲᠡᠨ᠎ᠡ᠃ ᠡᠭᠦᠨ ᠢ ᠡᠩᠭᠡ ᠠᠮᠤᠭᠤᠯᠠᠩ ᠤᠨ ᠴᠡᠷᠢᠭ ᠤᠨ ᠬᠤᠸᠠᠷᠡᠨ ᠬᠡᠲᠡᠭ ᠪᠢᠯᠡ᠃ ᠤᠴᠢᠷ ᠨᠢ᠂ ᠡᠩᠭᠡ ᠠᠮᠤᠭᠤᠯᠠᠩ ᠤᠨ ᠴᠡᠷᠢᠭ ᠭᠠᠯᠳᠠᠨ ᠪᠤᠱᠤᠬᠲᠦ ᠶᠢ ᠲᠦᠪᠰᠢᠳᠭᠡᠬᠦ ᠪᠠᠷ ᠡᠨᠡ ᠠᠭᠤᠯᠠ  ᠶᠢᠨ ᠤᠷᠤᠢ ᠶᠢ ᠡᠵᠡᠯᠡᠨ ᠦᠩᠭᠡᠷᠡᠬᠦ ᠳᠤ᠂ ᠲᠤᠬᠠᠢ ᠶᠢᠨ ᠦᠶ᠎ᠡ ᠶᠢᠨ ᠨᠤᠨᠤᠢ ᠲᠠᠷᠬᠠᠨ ᠴᠢᠨ ᠸᠠᠩ ᠬᠤᠨᠢ ᠮᠠᠯ ᠨᠢᠳᠤᠯᠵᠦ᠂ ᠢᠲᠡᠭᠡᠨ ᠤᠮᠳᠠᠭᠠᠨ ᠶᠡᠭᠡ ᠪᠠᠷ ᠪᠡᠯᠡᠳᠭᠡᠵᠦ᠂ ᠰᠠᠭᠠᠯᠢ ᠶᠢᠨ ᠠᠷᠢᠬᠢ ᠪᠠᠨ ᠮᠦᠩᠭᠦᠨ ᠠᠶᠠᠭᠠᠨ ᠳᠤ ᠬᠡᠮᠨᠡᠵᠦ᠂ ᠠᠯᠲᠡ ᠤᠷᠲᠦ ᠲᠤᠷᠭᠠᠨ ᠬᠠᠳᠠᠭ ᠲᠠᠢ ᠪᠠᠨ ᠬᠠᠮᠳᠤᠷᠠᠭᠤᠯᠤᠨ ᠦᠨᠡᠨᠴᠢ ᠮᠤᠩᠭᠤᠯ ᠤᠨ ᠤᠯᠠᠮᠵᠢᠯᠠᠯᠲᠦ ᠶᠤᠰᠤ ᠪᠠᠷ ᠡᠷᠭᠦᠨ ᠪᠠᠷᠢᠵᠦ᠂ ᠡᠵᠡᠨ ᠬᠠᠭᠠᠨ ᠤ ᠴᠡᠷᠢᠭ ᠤᠨ ᠢᠷᠡᠭᠰᠡᠨ ᠳᠤ ᠪᠠᠶᠠᠷ ᠪᠤᠯᠭᠠᠨ ᠪᠡᠯᠭᠡᠯᠡᠵᠦ ᠮᠠᠨᠵᠦ ᠶᠢᠨ ᠲᠦᠷᠦ ᠳᠤ ᠰᠢᠳᠤᠷᠭᠤ ᠶᠤᠰᠤ ᠶᠢ ᠦᠵᠡᠭᠦᠯᠬᠦ ᠶᠢᠨ ᠲᠤᠯᠠ ᠵᠠᠷ ᠵᠡᠪᠰᠡᠭ᠂ ᠠᠶᠠᠨ ᠤ ᠲᠡᠮᠡᠭᠡ᠂ ᠤᠨᠤᠭ᠎ᠠ ᠮᠤᠷᠢ ᠪᠠᠷ ᠲᠤᠰᠠᠯᠠᠮᠵᠢ ᠦᠵᠡᠭᠦᠯᠦᠭᠰᠡᠨ ᠳᠤ ᠪᠦᠬᠦ ᠴᠡᠷᠢᠭ ᠠᠴᠠ ᠨᠤᠨᠤᠢ ᠶᠢ ᠡᠵᠡᠨ ᠬᠠᠭᠠᠨ ᠳᠤ ᠦᠨᠡᠨᠴᠢ ᠰᠢᠳᠤᠷᠭᠤ ᠨᠤᠶᠠᠨ ᠬᠡᠮᠡᠨ ᠭᠡᠰᠢᠭ ᠬᠦᠷᠲᠡᠭᠡᠯ ᠢ ᠤᠯᠤᠭᠰᠡᠨ ᠪᠡ ᠬᠤᠵᠢᠮ ᠤᠨ ᠬᠦᠮᠦᠰ ᠡᠨᠡ ᠬᠦ ᠴᠡᠷᠢᠭ ᠤᠨ ᠱᠠᠩᠨᠠᠯ ᠤᠨ ᠵᠢᠬᠰᠠᠭᠠᠯ  ᠤᠨ ᠭᠠᠵᠠᠷ ᠢ ᠡᠩᠭᠡ ᠠᠮᠤᠭᠤᠯᠠᠩ ᠤᠨ ᠴᠡᠷᠢᠭ ᠤᠨ ᠬᠤᠸᠠᠷᠡᠨ ᠭᠡᠵᠦ ᠲᠠᠭᠤᠳᠠᠪᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号