ᠪᠤᠷᠬᠠᠨ ᠡᠵᠢ ᠮᠢᠨᠢ ᠨᠠᠮ᠎ᠠ ᠶᠢ ᠵᠢᠷᠦᠬᠡ ᠪᠠᠷ ᠢᠶᠠᠨ ᠵᠢᠷᠤᠭᠰᠠᠨ
ᠨᠡᠶᠢᠲᠡᠯᠡᠭᠰᠡᠨ ᠴᠠᠭ᠄
2019-06-05
     ᠪᠤᠷᠬᠠᠨ ᠡᠵᠢ ᠮᠢᠨᠢ ᠵᠢᠷᠦᠬᠡ ᠪᠠᠷ ᠢᠶᠠᠨ ᠵᠢᠷᠤᠭᠰᠠᠨ ᠪᠤᠯᠬᠤᠷ      ᠪᠤᠳᠤᠯ ᠤᠨ ᠲᠤᠷᠭᠠᠨ ᠲᠠᠨᠵᠢ ᠲᠡᠭᠡᠷ᠎ᠡ ᠨᠠᠷᠠᠨ ᠦᠷᠭᠦᠯᠵᠢ ᠮᠦᠰᠢᠶᠡᠳᠡᠭ      ᠪᠤᠰᠤᠭ᠎ᠠ ᠬᠡᠯᠡ ᠮᠢᠨᠢ ᠰᠦ ᠪᠠᠷ ᠢᠶᠠᠨ ᠬᠠᠶᠢᠷᠠᠯᠠᠭᠰᠠᠨ ᠪᠤᠯᠬᠤᠷ      ᠪᠦᠯᠬᠦᠮᠳᠡᠯ ᠡᠪ ᠤᠨ ᠵᠠᠮ ᠳᠤ ᠤᠶᠠᠩᠭ᠎ᠠ ᠪᠠᠷ ᠬᠦᠭᠯᠡᠷᠡᠳᠡᠭ ᠲᠤᠷᠪᠢᠳᠠᠢ      ᠪᠤᠷᠬᠠᠨ ᠡᠵᠢ ᠮᠢᠨᠢ ᠰᠦ ᠪᠠᠷ ᠢᠶᠠᠨ ᠵᠢᠷᠤᠭᠰᠠᠨ ᠪᠤᠯᠬᠤᠷ      ᠤᠯᠠᠷᠢᠯ ᠤᠨ ᠠᠯᠳᠠᠨ ᠪᠤᠱᠤᠭ᠎ᠠ ᠲᠡᠭᠡᠷ᠎ᠡ ᠨᠠᠶᠢᠷᠠᠭ ᠢᠶᠠᠷ ᠠᠮᠢᠰᠬᠤᠯᠯᠠᠬᠤ ᠤᠴᠢᠷᠳᠠᠢ      ᠤᠩᠭᠤᠨ ᠬᠠᠨ ᠠᠭᠤᠯᠠ ᠮᠢᠨᠢ ᠰᠦᠷ ᠢᠶᠠᠷ ᠢᠶᠠᠨ ᠦᠨᠦᠰᠦᠭᠰᠡᠨ ᠪᠤᠯᠬᠤᠷ      ᠪᠤᠰᠤᠭ᠎ᠠ ᠬᠡᠶᠢᠮᠤᠷᠢ ᠰᠦᠯᠳᠡ ᠮᠢᠨᠢ ᠢᠳᠡᠭᠡᠯ ᠢᠶᠠᠷ ᠬᠦᠳᠦᠯᠬᠦ ᠰᠢᠮᠡᠳᠡᠢ      ᠪᠤᠷᠬᠠᠨ ᠡᠵᠢ ᠮᠢᠨᠢ ᠰᠡᠳᠭᠢᠯ ᠢᠶᠠᠷ ᠢᠶᠠᠨ ᠵᠢᠷᠤᠭᠰᠠᠨ ᠪᠤᠯᠬᠤᠷ      ᠤᠯᠠᠷᠢᠯ ᠤᠨ ᠰᠠᠶᠢᠬᠠᠨ ᠵᠠᠬᠢᠶ᠎ᠠ ᠶᠢ ᠪᠢ ᠤᠬᠠᠭᠠᠬᠤ ᠯᠠ ᠶᠤᠰᠤᠳᠠᠢ      ᠤᠷᠴᠢᠬᠤ ᠪᠠᠶᠢᠭᠠᠯᠢ ᠶᠢᠨ ᠵᠢᠮ᠎ᠡ ᠡᠯᠢᠭᠡ ᠪᠠᠷ ᠢᠶᠠᠨ ᠲᠡᠪᠡᠷᠢᠭᠰᠡᠨ ᠪᠤᠯᠬᠤᠷ      ᠪᠤᠳᠤᠯ ᠬᠦᠰᠡᠯ ᠤᠨ ᠰᠡᠵᠢᠭᠦᠷ ᠲᠤ ᠬᠠᠶᠢᠷ᠎ᠠ ᠲᠡᠷᠭᠡᠯᠯᠡᠬᠦ ᠭᠡᠭᠡᠳᠡᠢ᠃
 
ᠢᠷᠡᠯᠲᠡ᠄ ᠠᠯᠳᠠᠨ ᠬᠦᠷᠲᠦ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号