ᠦᠯᠦᠭᠡᠢ ᠵᠦᠭ ᠢᠶᠠᠨ
ᠨᠡᠶᠢᠲᠡᠯᠡᠭᠰᠡᠨ ᠴᠠᠭ᠄
2019-06-27
                                                                 ᠠᠮᠢᠨ᠎ᠡ      ᠬᠦᠮᠦᠨ ᠪᠦᠬᠦᠨ ᠬᠦᠢᠰᠦ ᠬᠦᠨᠲᠡᠭᠰᠡᠨ ᠬᠦᠭᠡ ᠴᠢᠯᠠᠭᠤ ᠲᠠᠢ ᠨᠤᠳᠤᠭ ᠢᠶᠠᠨ ᠪᠤᠷᠬᠠᠨ ᠪᠤᠮᠪᠤ ᠶᠢᠨ ᠤᠷᠤᠨ ᠬᠡᠮᠡᠨ ᠲᠠᠭᠤᠯᠠᠳᠠᠭ ᠰᠢᠭ᠋ ᠦᠰᠴᠦ ᠲᠦᠷᠦᠭᠰᠡᠨ ᠮᠢᠨᠦ ᠨᠤᠳᠤᠭ ᠴᠦ ᠦᠪᠦᠷ ᠮᠤᠩᠭᠤᠯ ᠤᠷᠤᠨ ᠤ ᠪᠠᠭᠠᠰᠬᠠᠯ ᠵᠢᠷᠤᠭ ᠭᠡᠵᠦ ᠠᠯᠳᠠᠷᠰᠢᠬᠰᠠᠨ ᠲᠡᠯᠡᠭᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ᠂ ᠲᠤᠷᠭᠠᠨ ᠴᠡᠷᠢᠭ ᠤᠨ ᠬᠤᠶᠢᠴᠢᠰ᠂ ᠬᠠᠴᠠᠷ ᠭᠤᠸ᠎ᠠ ᠬᠤᠩᠬᠢᠷᠠᠳ ᠪᠦᠰᠡᠭᠦᠶᠢᠴᠤᠤᠯ ᠤᠨ ᠠᠯᠳᠠᠷ ᠢ ᠡᠷᠭᠦᠭᠰᠡᠨ ᠠᠯᠳᠠᠨ ᠤᠷᠤᠭ ᠤᠨ ᠬᠡᠰᠢᠭᠲᠡᠨ ᠬᠡᠭᠦ ᠪᠠᠷ ᠠᠷᠪᠠᠨ ᠵᠦᠭ ᠲᠤ ᠮᠡᠲᠡᠭᠦ ᠦᠭᠡᠢ ᠬᠦᠮᠦᠨ ᠴᠦᠭᠡᠨ ᠳ᠋ᠠ᠃ ᠡᠨᠡ ᠰᠠᠶᠢᠬᠠᠨ ᠡᠭᠡᠯᠢᠲᠠᠢ ᠨᠤᠳᠤᠭ ᠤᠨ ᠦᠷ᠎ᠡ ᠨᠢ ᠪᠤᠯᠵᠦ᠂ ᠡᠭᠡᠰᠢᠭ ᠲᠡᠭᠤᠨ ᠳᠤ ᠤᠶᠠᠩᠭᠠᠳᠠᠢ ᠠᠰᠬᠠᠲᠦ ᠶᠢᠨ ᠦᠨᠳᠦᠷ ᠰᠢᠭᠤᠢ ᠪᠠᠨ ᠪᠠᠷᠠᠯᠠᠬᠤ ᠪᠠᠷ ᠡᠷᠭᠡ ᠦᠭᠡᠢ ᠤᠮᠤᠬᠰᠢᠬᠤ ᠨᠢ ᠵᠢᠷᠭᠠᠯᠲᠠᠢ᠃      ᠶᠢᠰᠦ ᠡᠬᠢᠯᠡᠵᠦ ᠡᠪᠤᠯ ᠤᠨ ᠡᠳᠤᠷ ᠲᠡᠰᠬᠢᠮ᠎ᠡ ᠬᠦᠢᠲᠡᠨ ᠪᠠᠶᠢᠯ᠎ᠡ ᠴᠦ ᠴᠠᠰᠤᠨ ᠤ ᠮᠦᠩᠭᠦᠨ ᠭᠡᠷᠡᠯ ᠳᠤ ᠤᠶᠢᠬᠰᠡᠨ ᠨᠠᠷᠠᠨ ᠤ ᠰᠠᠴᠤᠷᠠᠭ ᠰᠡᠳᠬᠢᠯ ᠢ ᠮᠢᠨᠢ ᠲᠤᠯᠠᠭᠠᠴᠠᠭᠤᠯᠵᠦ᠂ ᠶᠠᠭᠤ ᠪᠦᠬᠦᠨ ᠨᠢᠳᠤᠨ ᠳᠤ ᠡᠭᠡᠯᠢᠲᠠᠢ᠂ ᠰᠠᠨᠠᠭᠠᠨ ᠳᠤ ᠲᠠᠭᠠᠯᠠᠮᠵᠢᠲᠠᠢ ᠨᠢ ᠠᠷᠭ᠎ᠠ ᠦᠭᠡᠢ᠃ ᠬᠠᠮᠢᠭᠠᠰᠢ ᠪᠠᠨ ᠬᠠᠷᠠᠬᠰᠠᠨ ᠴᠦ ᠴᠡᠪ ᠮᠦᠩᠭᠦᠨ ᠲᠡᠯᠡᠭᠡᠢ ᠦᠷ᠎ᠡ ᠨᠠᠮ᠎ᠠ ᠶᠢ ᠪᠠᠨ ᠪᠦᠪᠡᠶᠢᠯᠡᠨ᠂ ᠠᠯᠬᠤᠬᠤ ᠮᠦᠷ ᠢᠶᠠᠷ ᠱᠠᠵᠢᠬᠢᠨᠠᠨ ᠰᠤᠨᠤᠰᠳᠠᠬᠤ ᠴᠠᠰᠤᠨ ᠤ ᠵᠦᠭᠡᠯᠡᠨ ᠰᠢᠷᠬᠢᠭ ᠨᠢ ᠴᠦ ᠰᠡᠳᠬᠢᠯ ᠳᠤ ᠤᠶᠠᠩᠭᠠᠳᠠᠢ ᠰᠠᠨᠠᠬᠳᠠᠨ᠎ᠡ᠃ ᠲᠡᠶᠢᠮᠦ ᠡ᠂ ᠦᠨᠦᠳᠤᠷ ᠪᠤᠯ ᠮᠢᠨᠦ ᠬᠠᠮᠤᠭ ᠤᠨ ᠪᠠᠶᠠᠷ ᠪᠠᠭ᠋ᠠᠳᠤᠯ  ᠲᠠᠢ ᠡᠳᠤᠷ᠂ ᠮᠦᠨ ᠴᠦ ᠲᠤᠬᠳᠤᠯᠤᠬᠰᠡᠨ ᠰᠡᠳᠬᠢᠯ ᠢᠶᠠᠨ ᠲᠠᠷᠤᠵᠦ ᠶᠠᠳᠠᠨ ᠬᠦᠰᠡᠨ ᠬᠦᠯᠢᠶᠡᠭᠰᠡᠨ ᠮᠦᠴᠡ ᠡ᠃ ᠲᠤᠯᠭᠠᠮ ᠬᠦᠷᠴᠦ ᠢᠷᠡᠬᠦ ᠪᠠᠷ ᠶᠠᠭᠠᠬᠢᠬᠤ ᠳᠠᠭᠠᠨ ᠢᠩᠭᠢᠵᠦ ᠤᠶᠠᠷᠠᠮᠠᠷ᠂ ᠤᠬᠢᠯᠠᠴᠢᠬᠠᠮᠠᠷ ᠪᠤᠯᠳᠠᠭ ᠢ ᠦᠨᠡᠭᠡᠷ ᠵᠦᠢᠷᠯᠡᠬᠦ ᠶᠢᠨ ᠠᠷᠭ᠎ᠠ ᠦᠭᠡᠢ᠃      ᠲᠦᠷᠪᠠᠨ ᠵᠢᠯ ᠤᠨ ᠡᠮᠦᠨ᠎ᠡ ᠶᠡᠭᠡ ᠰᠤᠷᠭᠠᠭᠤᠯᠢ ᠳᠤ ᠡᠯᠰᠡᠭᠲᠡᠭᠰᠡᠨ ᠮᠡᠲᠡᠭᠲᠡᠯ ᠢᠶᠠᠨ ᠭᠠᠷᠳᠠᠭᠠᠳ ᠨᠢᠭᠡ ᠪᠠᠶᠠᠷᠯᠠᠬᠰᠡᠨ᠂ ᠦᠨᠦᠳᠤᠷ ᠪᠤᠯᠬᠤ ᠳᠤ ᠰᠤᠷᠭᠠᠭᠤᠯᠢ ᠪᠠᠨ ᠲᠡᠭᠦᠰᠴᠢᠭᠡᠭᠡᠳ ᠠᠵᠢᠯ ᠤᠨ ᠪᠠᠶᠢᠷᠢ ᠳᠤ ᠭᠠᠷᠤᠯ᠎ᠡ ᠭᠡᠰᠡᠨ  ᠢᠶᠠᠨ ᠲᠠᠩᠴᠦ ᠢᠯᠲᠡᠮ ᠪᠤᠳᠤᠵᠦ ᠤᠯᠤᠭ᠎ᠠ ᠦᠭᠡᠢ ᠳᠡᠭᠡᠨ ᠢᠩᠭᠢᠵᠦ ᠬᠦᠭᠰᠡᠭᠰᠡᠨ ᠪᠠᠶᠢᠬᠤ ᠪᠤᠢ ᠳ᠋ᠠ᠃ ᠤᠳᠤ ᠪᠢ ᠴᠢᠨᠢ ᠤᠶᠤᠳᠠᠨ ᠪᠢᠰᠢ᠂ ᠤᠷᠤᠨ ᠤ ᠲᠦᠪ ᠬᠦᠬᠡᠬᠤᠲᠡ ᠳᠤ ᠠᠵᠢᠯᠯᠠᠬᠤ ᠪᠠᠷ ᠶᠠᠪᠤᠬᠤ ᠭᠡᠵᠦ ᠪᠠᠶᠢᠭ᠎ᠠ ᠪᠤᠰᠤᠭ᠎ᠠ ᠬᠡᠦᠭᠡᠨ ᠪᠤᠯᠴᠢᠬᠠᠭᠰᠡᠨ ᠪᠠᠶᠢᠨ᠎ᠡ᠃      ᠠᠭᠠᠢ᠂ ᠡᠮᠧ ᠠᠵᠢᠯᠯᠠᠬᠤ ᠪᠤᠯᠤᠭᠰᠡᠨ ᠮᠡᠲᠡᠭᠡ ᠶᠢ ᠮᠢᠨᠢ ᠰᠤᠨᠤᠰᠤᠩᠭᠤᠲᠡ ᠠᠯᠪᠠᠨ ᠪᠠᠶᠢᠭᠤᠯᠭ᠎ᠠ ᠠᠴᠠ ᠪᠠᠨ ᠴᠢᠯᠦᠭᠡ ᠡᠷᠢᠵᠦ ᠭᠡᠳᠤᠨ ᠭᠠᠷᠠᠭ ᠤᠨ ᠡᠮᠦᠨ᠎ᠡ ᠠᠴᠠ ᠯᠡ ᠠᠵᠢᠯ ᠠᠮᠢᠳᠤᠷᠠᠯᠭ᠎ᠠ ᠪᠠᠨ ᠵᠤᠬᠢᠴᠠᠭᠤᠯᠵᠦ᠂ ᠨᠠᠮ᠎ᠡ ᠶᠢ ᠬᠦᠷᠭᠡᠵᠦ ᠦᠭᠭᠦ ᠭᠡᠳ ᠮᠤᠩᠭᠢᠨᠠᠵᠦ ᠡᠬᠢᠯᠡᠵᠠᠢ᠃ ᠦᠨᠦ ᠦᠷᠯᠦᠭᠡ ᠪᠤᠯᠬᠤᠷ ᠪᠦᠷ ᠴᠦ ᠡᠷᠲᠡᠯᠡᠨ ᠪᠤᠰᠴᠦ ᠪᠤᠬᠴᠦ ᠪᠤᠭᠤᠲᠡᠯ᠂ ᠤᠷᠤ ᠲᠡᠪᠢᠰᠭᠡᠷ᠂ ᠢᠲᠡᠵᠦ ᠤᠤᠭᠤᠬᠤ᠂ ᠬᠤᠪᠴᠠᠰᠦ ᠬᠤᠨᠠᠷ ᠭᠡᠳ ᠪᠠᠶᠢᠳᠠᠭ ᠶᠠᠭᠤᠮ᠎ᠡ ᠶᠢ ᠪᠡᠯᠡᠳᠭᠡᠴᠢᠭᠡᠭᠡᠳ ᠪᠠᠭ᠎ᠠ ᠶᠢᠨ ᠮᠢᠨᠢ ᠨᠤᠳᠤᠭ ᠪᠠᠶ᠋ᠬᠠᠭᠤᠯᠠ ᠠᠴᠠ ᠪᠠᠨ ᠮᠤᠷᠲᠡᠬᠤ ᠪᠠᠷ ᠪᠤᠯᠤᠯ᠎ᠡ᠃      ᠮᠠᠰᠢᠨ ᠤ ᠪᠦᠷᠢᠶ᠎ᠡ ᠲᠤᠤᠭᠠᠷᠴᠦ ᠠᠭᠠᠢ᠂ ᠡᠮᠧ ᠨᠠᠮ᠎ᠡ ᠶᠢ ᠲᠠᠭᠤᠳᠠᠵᠦ ᠪᠠᠶᠢᠯ᠎ᠡ᠂ ᠪᠢ ᠰᠦᠷᠯᠢᠭ ᠲᠠᠪᠤᠨ ᠬᠠᠶᠢᠷᠬᠠᠨ ᠳᠠᠭᠠᠨ ᠲᠠᠭᠠᠳᠬᠠᠵᠦ᠂ ᠦᠮᠦᠭ ᠲᠦᠰᠢᠭ ᠪᠤᠯᠤᠬᠰᠡᠨ ᠨᠤᠳᠤᠭ ᠤᠰᠤ ᠪᠠᠨ ᠰᠢᠳᠤᠵᠦ ᠭᠡᠷ ᠵᠦᠭ ᠢᠶᠠᠨ ᠡᠷᠬᠢᠯ᠎ᠡ᠃ ᠭᠡᠷ ᠤᠨ ᠢᠶᠠᠨ ᠡᠭᠦᠲᠡᠨ ᠳᠤ ᠬᠦᠷᠭᠦ ᠳᠤ ᠠᠶᠢᠯ ᠬᠤᠲᠡ ᠶᠢᠨ ᠠᠬᠠᠨ ᠲᠡᠭᠦᠣᠰ ᠡᠯᠢᠭᠡᠨ ᠰᠠᠳᠤᠨ ᠨᠠᠮ᠎ᠡ  ᠶᠢ ᠬᠦᠷᠭᠡᠬᠦ ᠪᠠᠷ ᠢᠷᠡᠴᠢᠭᠡᠭᠰᠡᠨ ᠪᠠᠶᠢᠯ᠎ᠡ᠃ ᠲᠡᠳᠠᠨ ᠤ ᠬᠠᠯᠠᠭᠤᠨ ᠲᠤᠳᠤᠨᠤ ᠶᠠᠷᠢᠶ᠎ᠡ ᠬᠦᠭᠡᠷᠦᠭᠡ᠂ ᠠᠮᠠᠨ ᠢᠷᠦᠭᠡᠯ ᠠᠰᠢᠲᠡ ᠶᠢᠨ ᠪᠡᠯᠭᠡ ᠶᠢ ᠲᠤᠭᠳᠠᠭᠠᠵᠦ᠂ ᠠᠶᠠᠨ ᠤ ᠵᠢᠯᠤᠭᠤ ᠪᠠᠨ ᠬᠦᠬᠡᠬᠤᠲᠡ ᠵᠦᠭ ᠰᠤᠩᠭᠠᠵᠦ ᠪᠢᠯᠡ᠃      ᠠᠭᠠᠢ ᠮᠢᠨᠢ ᠮᠠᠰᠢᠨ ᠤ ᠪᠠᠨ ᠵᠢᠯᠤᠭᠤ ᠶᠢ ᠠᠶᠠᠷᠬᠠᠨ ᠮᠤᠰᠬᠢᠬᠤ ᠵᠠᠭᠤᠷ᠎ᠡ᠄ ︽ᠬᠡᠦᠭᠡᠨ ᠡ᠂ ᠰᠠᠶᠢᠨ ᠰᠤᠷᠴᠦ᠂ ᠬᠤᠲᠡ ᠬᠤᠳᠤᠭᠤᠷ ᠤᠨ ᠢᠶᠠᠨ ᠨᠡᠷ᠎ᠡ ᠶᠢ ᠡᠷᠭᠦᠯ᠎ᠡ ᠬᠦ᠋︾ ᠭᠡᠵᠦ ᠡᠮᠧ ᠵᠦᠭ ᠬᠠᠨᠳᠤᠨ ᠪᠠᠶᠠᠷᠳᠠᠶᠢᠬᠠᠨ ᠬᠡᠯᠡᠬᠦ ᠪᠠᠷ ᠡᠮᠧ᠄ ︽ᠲᠡᠭᠡᠯᠭᠦᠢ ᠶᠠᠭᠠᠬᠢᠬᠤ ᠪᠤᠢ᠂ ᠬᠡᠦᠭᠡᠨ ᠤ ᠪᠠᠨ ᠰᠠᠶᠢᠨ ᠢᠶᠠᠷ ᠦᠨᠦ ᠵᠢᠯ ᠪᠢ ᠴᠢᠨᠢ ᠪᠠᠰᠡ ᠰᠠᠶᠢᠰᠢᠶᠠᠯ ᠤᠨ ᠴᠡᠴᠡᠭ ᠵᠡᠭᠦᠴᠢᠭᠡᠭᠰᠡᠨ ᠰᠢᠦ︾ ᠭᠡᠵᠦ ᠪᠠᠶᠠᠷᠬᠠᠨ᠎ᠡ᠃ ᠬᠦᠭᠡᠷᠦᠭᠦᠢ ᠡᠮᠧ ᠮᠢᠨᠢ ᠦᠭᠡ ᠲᠠᠭᠤᠨ ᠴᠦᠭᠡᠨ ᠴᠦ ᠦᠨᠡᠨ ᠬᠠᠶᠢᠷ᠎ᠡ ᠪᠠᠷ ᠢᠶᠠᠨ ᠦᠷᠦᠭᠡ ᠭᠡᠷ ᠢᠶᠠᠨ ᠪᠦᠯᠢᠶᠠᠰᠭᠡᠵᠦ᠂ ᠡᠷᠲᠡᠮ ᠮᠡᠲᠡᠯᠭᠡ ᠲᠠᠢ ᠤᠯᠠᠨ ᠰᠤᠷᠤᠭᠴᠢ ᠶᠢ ᠬᠦᠮᠦᠵᠢᠭᠦᠯᠦᠭᠰᠡᠨ ᠢᠶᠠᠷ ᠢᠶᠠᠨ ᠡᠨᠡ ᠵᠢᠯ ︽ᠰᠤᠶᠤᠯ ᠢ ᠬᠦᠨᠳᠦᠳᠭᠡᠭᠰᠡᠨ ᠬᠠᠮᠤᠭ ᠤᠨ ᠰᠠᠶᠢᠨ ᠭᠡᠷ ᠪᠦᠯᠢ︾ ᠶᠢᠨ ᠰᠠᠶᠢᠴᠤᠤᠯ ᠪᠤᠯᠤᠭᠰᠡᠨ ᠠᠵᠢ᠃      ᠦᠨᠳᠦᠷ ᠪᠤᠶᠠᠨᠲᠦ ᠠᠪᠤ ᠡᠵᠢ ᠶᠢᠨ ᠢᠶᠠᠨ ᠦᠨᠡᠨᠴᠢᠭᠡᠨ ᠬᠠᠶᠢᠷ᠎ᠡ ᠳᠤ ᠪᠦᠪᠡᠶᠢᠯᠡᠭᠲᠡᠨ᠂ ᠬᠦᠮᠦᠨ ᠪᠤᠯᠬᠤ ᠶᠢᠨ ᠤᠬᠠᠭᠠᠨ ᠰᠤᠶᠢᠵᠦ᠂ ᠬᠦᠯ ᠢ ᠮᠢᠨᠢ ᠲᠦᠷᠦᠭᠡᠨ ᠳᠤ ᠡᠷᠭᠦᠭᠰᠡᠨ ᠬᠦᠮᠦᠨ ᠵᠤᠨ᠂ ᠨᠤᠳᠤᠭ ᠤᠰᠤ ᠭᠡᠭᠴᠢ ᠶᠠᠭᠠᠬᠢᠭᠰᠡᠨ ᠡᠮᠵᠡᠭᠭᠡᠨ ᠬᠠᠶᠢᠷ᠎ᠡ᠂ ᠶᠠᠮᠠᠷ ᠡᠭᠡᠯᠢᠭᠭᠡᠨ ᠰᠡᠳᠬᠢᠯ ᠶᠤᠮ ᠳ᠋ᠠ ᠬᠦᠭᠡᠷᠦᠭᠦᠢ᠃ ︽ᠵᠡᠷᠭᠡᠯᠭᠡᠨ ᠲᠤᠬᠯᠠᠳᠠᠭ ᠰᠡᠷᠭᠦᠯᠡᠩ ᠲᠡᠨᠵᠢᠨ ᠳᠤᠨᠢ ᠵᠠᠶᠠᠭ᠎ᠠ ᠬᠤᠯᠪᠤᠬᠤ ᠡᠩᠭᠡ ᠶᠢᠨ ᠲᠠᠭᠤᠤ ᠲᠠᠢ/ ᠵᠢᠷᠤᠭ ᠰᠤᠯᠤᠩᠭᠠᠷᠠᠳᠠᠭ ᠰᠡᠷᠮᠡᠭᠦᠨ ᠵᠦᠯᠭᠡᠨ ᠳᠤᠨᠢ ᠵᠢᠷᠭᠠᠯ ᠲᠡᠭᠡᠳᠤᠯᠡᠬᠦ ᠮᠦᠩᠭᠡ ᠶᠢᠨ ᠢᠷᠦᠭᠡᠯ ᠲᠠᠢ/ ᠠᠯᠳᠠᠨ ᠦᠯᠦᠭᠡᠢ ᠪᠠᠶ᠋ᠬᠠᠭᠤᠯᠠ ᠮᠢᠨᠢ/ ᠠᠵᠠ ᠬᠡᠶᠢᠮᠦᠷᠢ ᠶᠢᠨ ᠲᠤᠷᠭᠠᠨ ᠪᠠᠭᠤᠴᠡ ᠡ︾ ᠭᠡᠰᠡᠨ ᠡᠭᠡᠰᠢᠭ ᠲᠠᠭᠤᠤ ᠮᠠᠰᠢᠨ ᠤ ᠴᠡᠩᠭᠡᠷ ᠲᠡᠯᠭᠡᠴᠡ ᠪᠠᠷ ᠲᠤᠳᠤᠷᠠᠬᠤ ᠳᠤ ᠲᠦᠷᠦᠭᠰᠡᠨ ᠨᠤᠳᠤᠭ ᠠᠴᠠ ᠪᠠᠨ ᠲᠦᠭᠡ ᠴᠦ ᠰᠠᠯᠠᠮᠠᠷ ᠦᠭᠡᠢ ᠰᠠᠨᠠᠬᠳᠠᠬᠤ ᠶᠢ ᠶᠠᠭᠠᠬᠢᠨ᠎ᠡ ᠡ᠃ ᠭᠡᠭᠦ ᠳᠡᠭᠡᠨ ᠶᠠᠪᠤᠨ᠎ᠡ ᠳ᠋ᠠ᠂ ᠶᠠᠪᠤᠨ᠎ᠡ᠃ ᠪᠢᠯᠢᠭ ᠤᠨ ᠰᠤᠷᠢᠭ᠎ᠠ ᠲᠠᠢ᠂ ᠪᠢᠷ ᠤᠨ ᠵᠢᠷᠢᠯᠵᠡᠭᠡ ᠲᠠᠢ ᠬᠦᠮᠦᠨ ᠪᠦᠬᠦᠨ ᠤ ᠪᠠᠭ᠋ᠠᠷᠬᠠᠳᠠᠭ ᠬᠤᠨ ᠤ ᠦᠯᠦᠭᠡᠢ ᠳᠡᠭᠡᠨ ᠤᠴᠢᠨ᠎ᠡ ᠳ᠋ᠠ ᠪᠢ᠃      ᠲᠠᠭᠤᠤ ᠰᠤᠨᠤᠰᠤᠨ ᠤᠶᠠᠷᠠᠵᠦ ᠨᠢᠭᠡ᠂ ᠲᠤᠷᠠᠳᠬᠠᠯ ᠬᠦᠭᠡᠷᠦᠨ ᠤᠶᠠᠰᠴᠦ ᠨᠢᠭᠡ ᠵᠠᠮ ᠤᠨ ᠵᠠᠢ ᠡᠪᠬᠡᠭᠰᠡᠭᠡᠷ ᠰᠠᠩ ᠤᠨ ᠲᠠᠯᠠᠢ ᠶᠢᠨ ᠰᠦᠢᠳᠭᠡᠯ ᠬᠤᠷᠢᠶᠠᠬᠤ ᠦᠷᠲᠡᠭᠡ ᠬᠦᠷᠴᠦ ᠢᠷᠡᠯ᠎ᠡ᠃ ᠠᠭᠠᠢ ᠨᠠᠮ᠎ᠠ ᠶᠢ ᠲᠡᠷᠭᠡ ᠪᠠᠨ ᠵᠢᠯᠤᠭᠤᠳᠤ ᠬᠡᠯ᠎ᠡ᠃ ᠲᠡᠭᠡᠭᠡᠳ ᠯᠡ ᠰᠢᠨ᠎ᠡ ᠭᠠᠷ᠂ ᠬᠠᠭᠤᠴᠢᠨ ᠵᠠᠮ ᠢᠶᠠᠷ ᠭᠠᠯᠬᠢᠭᠤᠯᠵᠦ ᠡᠬᠢᠯᠡᠭᠰᠡᠨ ᠳ᠋ᠠᠭ᠃ ᠵᠠᠮ ᠲᠡᠭᠡᠷ᠎ᠡ ᠴᠠᠰᠦ ᠴᠦ ᠠᠯᠠᠭ᠎ᠠ᠃ ᠲᠡᠷᠭᠡ ᠴᠦ ᠴᠦᠭᠡᠨ᠃ ᠠᠭᠠᠢ᠂ ᠡᠮᠧ ᠵᠠᠮ ᠤᠨ ᠬᠠᠵᠠᠭᠤ ᠶᠢᠨ ᠦᠵᠡᠮᠵᠢ ᠵᠢᠷᠤᠭ ᠢ ᠲᠤᠳᠤᠷᠠᠭᠤᠯᠵᠦ ᠶᠠᠪᠤᠨ᠎ᠡ᠃ ᠪᠠᠰᠡ ᠡᠨᠡ ᠲᠠᠷᠡ ᠶᠢ ᠵᠤᠭᠤᠬᠳᠠᠨ᠎ᠡ᠃ ᠠᠭᠠᠢ᠂ ᠡᠮᠧ ᠪᠠᠨ ᠨᠢᠳᠤᠨ ᠪᠤᠯᠤᠩ ᠢᠶᠠᠷ ᠢᠶᠠᠨ ᠬᠠᠷᠠᠬᠤ ᠪᠦᠷᠢ ᠪᠠᠶᠠᠷ ᠲᠠᠢ ᠪᠠᠶᠢᠭ᠎ᠠ ᠨᠢ ᠬᠡᠮᠵᠢᠶᠡᠯᠡᠰᠢ ᠦᠭᠡᠢ᠃ ᠦᠪᠡᠷ ᠢᠶᠠᠨ ᠴᠦ ᠲᠤᠭᠳᠤᠯᠵᠦ ᠪᠠᠶᠢᠭ᠎ᠠ ᠪᠠᠨ ᠬᠡᠯᠡᠬᠦ ᠶᠢᠨ ᠭᠠᠵᠠᠷ ᠦᠭᠡᠢ᠂ ᠦᠨᠡᠨ ᠰᠢᠦ᠃ ᠬᠤᠷᠳᠤᠴᠡ ᠨᠠᠮᠠᠨ᠂ ᠲᠡᠷᠭᠡ ᠲᠠᠪᠬᠢᠬᠰᠠᠭᠠᠷ᠂ ᠵᠢᠷᠦᠭᠡ ᠤᠯᠠᠮ ᠬᠦᠭᠰᠡᠨ᠎ᠡ᠃ ᠤᠯᠠᠨ ᠦᠷᠲᠡᠭᠡ ᠤᠯᠠᠭ᠎ᠠ ᠶᠢ ᠲᠠᠭᠠᠷᠢᠵᠦ᠂ ᠨᠠᠷᠡ ᠤᠨᠠᠬᠤ ᠶᠢᠨ ᠠᠯᠳᠠ ᠪᠠᠷ ᠬᠦᠬᠡᠬᠤᠲᠡ ᠳᠤ ᠬᠦᠷᠴᠦ ᠢᠷᠡᠯ᠎ᠡ᠃ ᠨᠡᠷ᠎ᠡ ᠮᠡᠲᠡᠭᠦᠯᠬᠦ ᠡᠳᠤᠷ ᠨᠢ ᠬᠤᠶᠠᠷ ᠡᠳᠤᠷ ᠪᠠᠶᠢᠬᠤ ᠲᠤᠯᠠᠲᠡ ᠪᠢᠲᠡ ᠪᠠᠭᠤᠳᠡᠯ ᠳᠤ ᠬᠤᠨᠤᠭ ᠠᠪᠴᠦ᠂ ᠬᠤᠭᠤᠯᠠ ᠪᠤᠳᠠᠭ᠎ᠠ ᠪᠠᠨ ᠢᠲᠡᠭᠡᠳ ᠠᠮᠠᠷᠠᠬᠤ ᠪᠠᠷ ᠪᠤᠯᠪᠡ᠃      ᠵᠠᠮ ᠲᠤᠵᠢ ᠡᠨᠡ ᠶᠢ ᠶᠠᠷᠢᠵᠦ᠂ ᠲᠡᠷᠡ ᠶᠢ ᠬᠠᠷᠠᠬᠰᠠᠭᠠᠷ ᠪᠠᠶᠢᠵᠦ᠂ ᠶᠠᠳᠠᠷᠠᠵᠦ ᠪᠠᠶᠠᠷᠯᠠᠬᠤ ᠶᠢᠨ ᠲᠦᠢᠯ ᠳᠤ ᠲᠤᠯᠤᠭᠰᠡᠨ ᠮᠠᠨ ᠬᠤᠶᠠᠷ ᠲᠡᠷ᠎ᠡ ᠲᠤᠯᠤᠭᠠᠢ ᠨᠡᠶᠢᠯᠡᠮᠡᠭᠴᠡ ᠲᠤᠬᠬᠢᠵᠠᠢ᠃ ᠪᠢ ᠤᠷᠤᠨ ᠳᠠᠭᠠᠨ ᠤᠷᠤᠭᠰᠡᠨ ᠪᠤᠯᠪᠠᠴᠦ ᠤᠨᠳᠠᠵᠦ ᠴᠢᠳᠠᠬᠰᠡᠨ ᠦᠭᠡᠢ᠃ ᠬᠠᠮᠲᠦ ᠨᠦᠬᠦᠳ᠂ ᠬᠦᠨᠲᠦᠲᠦ ᠪᠠᠭᠰᠢ᠂ ᠬᠦᠭᠡᠷᠦᠯᠳᠤᠨ ᠲᠠᠰᠤᠯᠴᠠᠬᠰᠡᠨ ᠠᠨᠲᠡ ᠨᠠᠶᠢᠵᠡ ᠁ ᠶᠢᠨ ᠵᠠᠬᠢᠶ᠎ᠡ ᠴᠢᠮᠡᠭᠡ᠂ ᠪᠠᠶᠠᠷ ᠬᠦᠷᠭᠡᠯᠲᠡ ᠨᠢᠭᠡᠳ ᠨᠢᠭᠡ ᠪᠠᠷ ᠲᠤᠭᠤᠯᠳᠠᠬᠤ ᠨᠢ ᠭᠠᠶᠢᠬᠠᠯᠳᠠᠢ᠃ᠨᠤᠶᠢᠷ ᠮᠦᠨ ᠬᠤᠯᠵᠢᠬᠰᠠᠭᠠᠷ᠁      ︽ᠤᠯᠠᠨ ᠲᠦᠮᠠᠨ ᠤ ᠤᠷᠠᠯᠢᠭ ᠤᠨ ᠤᠷᠳᠤᠨ︾ ᠨᠢ ᠴᠤᠬᠤᠮ ᠶᠠᠭᠤ ᠬᠢᠲᠡᠭ ᠭᠠᠵᠠᠷ᠂ ᠶᠠᠮᠠᠷ ᠴᠢᠭᠯᠡᠯ ᠢᠶᠠᠷ ᠠᠵᠢᠯᠯᠠᠳᠠᠭ ᠪᠠᠶᠢᠭᠤᠯᠭ᠎ᠠ ᠭᠡᠭᠴᠢ ᠶᠢ ᠬᠠᠷᠠᠬᠠᠨ ᠮᠡᠲᠡᠭᠦ ᠦᠭᠡᠢ ᠪᠢ ᠴᠢᠨᠢ ᠶᠠᠭᠤ ᠬᠢᠬᠦ ᠪᠠᠨ ᠤᠯ ᠶᠠᠳᠠᠨ ᠪᠠᠶᠠᠷᠯᠠᠵᠦ ᠬᠦᠭᠰᠡᠬᠦ᠂ ᠪᠠᠯᠢᠳᠠᠵᠦ ᠡᠮᠢᠶᠡᠬᠦ ᠬᠤᠤᠰᠯᠠᠨ ᠨᠦᠬᠦᠳ ᠠᠴᠠ ᠪᠠᠨ ᠠᠰᠠᠭᠤᠨ ᠰᠤᠷᠠᠬᠯᠠᠵᠦ ᠪᠠᠶᠢᠬᠰᠡᠨ ᠶᠤᠮ᠂ ᠬᠠᠷᠢᠨ ᠮᠠᠨ ᠤ ᠤᠷᠤᠨ ᠤ ᠤᠯᠠᠨ ᠳᠠᠭᠠᠨ ᠬᠦᠷᠢᠶᠠᠯᠠᠯ ᠲᠠᠢ ᠶᠠᠷᠦᠩᠭᠡᠶᠢᠯᠡᠭᠰᠡᠨ ᠴᠢᠨᠠᠷᠲᠠᠢ ᠰᠤᠶᠤᠯ ᠤᠷᠠᠯᠢᠭ ᠤᠨ ᠰᠡᠳᠭᠦᠯ ︽ᠬᠤᠨ ᠭᠠᠯᠠᠭᠤ︾ ᠳᠤ ᠠᠵᠢᠯᠯᠠᠨ᠎ᠡ ᠭᠡᠲᠡᠭ ᠢᠶᠠᠨ ᠰᠤᠨᠤᠰᠤᠭᠠᠳ ᠨᠡᠩ ᠴᠦ ᠪᠠᠶᠠᠷᠯᠡᠵᠦ ᠰᠠᠨᠳᠤᠷᠬᠤ ᠬᠤᠤᠯᠠᠬᠰᠰᠡᠨ ᠶᠤᠮ ᠰᠠᠨ᠃      ︽ᠬᠤᠨ ᠭᠠᠯᠠᠭᠤ︾ ᠰᠡᠳᠭᠦᠯ ᠳᠤ ᠡᠯᠰᠡᠭᠳᠠᠨ᠂ ᠨᠠᠶᠢᠷᠠᠭᠤᠯᠬᠤ ᠭᠡᠯᠲᠡᠰ ᠤᠨ ᠨᠢᠭᠡᠨ ᠭᠡᠰᠢᠭᠦᠨ ᠪᠤᠯᠤᠭᠰᠡᠨ ᠨᠢ ᠨᠠᠳᠠ ᠳᠤ ᠲᠦᠢᠯ ᠤᠨ ᠵᠤᠷᠢᠭᠵᠢᠭᠤᠯᠤᠯ ᠪᠤᠯᠤᠭᠰᠡᠨ ᠪᠤᠯᠪᠠᠴᠦ ᠨᠠᠰᠦ ᠪᠠᠭ᠎ᠠ ᠴᠢᠰᠦ ᠰᠢᠩᠭᠡᠨ ᠨᠠᠳᠠ ᠳᠤ ᠠᠪᠴᠦ ᠬᠡᠯᠡᠪᠡᠯ ᠲᠠᠷᠤᠭᠠᠰᠦ ᠨᠢ ᠤᠮᠤᠬᠰᠢᠯ ᠠᠴᠠ ᠪᠠᠨ ᠬᠤᠪᠢ ᠲᠠᠬᠢᠨ ᠢᠯᠡᠭᠦᠦ ᠪᠠᠶᠢᠬᠤ ᠨᠢ ᠦᠨᠡᠨᠲᠠᠢ᠃      ᠮᠠᠷᠭᠠᠰᠢ ᠦᠷᠯᠦᠭᠡ ᠨᠢ ᠡᠮᠧ᠄ ︽ᠴᠢ ᠴᠢᠨᠢ ᠠᠯᠪᠠᠨ ᠠᠵᠢᠯ ᠲᠠᠢ ᠭᠦᠮᠦᠨ ᠪᠤᠯᠤᠯ᠎ᠡ᠃ ᠬᠠᠮᠢᠭ᠎ᠠ ᠶᠠᠪᠤᠬᠰᠡᠨ ᠴᠦ ᠨᠢᠭᠡᠯᠡ ᠵᠠᠩ ᠢᠶᠠᠷ ᠢᠶᠠᠨ ᠪᠠᠢ᠂ ᠪᠠᠰᠡ ᠰᠢᠪᠠᠭᠤ ᠰᠢᠭ᠋ ᠡᠷᠲᠡ ᠪᠤᠰᠴᠦ ᠰᠤᠷᠤᠭᠠᠷᠠᠢ︾ ᠭᠡᠵᠦ ᠲᠤᠯᠤᠭᠠᠢ ᠶᠢ ᠮᠢᠨᠢ ᠢᠯᠪᠢᠨ᠎ᠡ᠃ ︽ᠲᠡᠭᠡ︾ ᠭᠡᠵᠦ ᠬᠠᠷᠢᠭᠤ ᠦᠭᠭᠦᠭᠡᠳ ᠨᠢᠭᠤᠷ ᠭᠠᠷ ᠢᠶᠠᠨ ᠤᠬᠢᠶᠠᠭᠠᠳ ᠵᠡᠭᠡᠯᠢ ᠳᠤ ᠭᠠᠷᠤᠯ᠎ᠡ᠃      ᠰᠢᠨᠬᠤᠸᠠ ᠠᠭᠤᠳᠠᠮ ᠲᠠᠯᠠᠪᠠᠢ ᠳᠤ ᠠᠭᠠᠢ ᠡᠮᠧ ᠲᠠᠢ ᠪᠠᠨ ᠬᠠᠮᠲᠦ ᠶᠢᠨ ᠰᠡᠭᠦᠲᠡᠷ ᠲᠠᠳᠠᠭᠤᠯᠤᠭᠠᠳ ︽ᠬᠡᠷᠡᠯ ᠡᠵᠢ︾ ᠴᠠᠢ ᠶᠢᠨ ᠦᠷᠭᠦᠭᠡᠨ ᠳᠤ ᠦᠷᠯᠦᠭᠡᠨ ᠤ ᠴᠠᠢ ᠤᠤᠭᠤᠯ᠎ᠡ᠃ ᠴᠠᠭ ᠤᠨ ᠲᠠᠷᠠᠭ᠎ᠠ ᠮᠠᠨ ᠤ ᠭᠤᠷᠪᠠᠭᠤᠯᠠ ᠪᠠᠨ ᠠᠵᠢᠯᠯᠠᠬᠤ ᠪᠠᠶᠢᠭᠤᠯᠭ᠎ᠠ ᠶᠢᠨ ᠢᠶᠠᠨ ᠡᠭᠦᠲᠡᠨ ᠳᠤ ᠬᠦᠷᠦᠯ᠎ᠡ᠃ ᠴᠠᠭᠠᠨ ᠰᠡᠷ᠎ᠡ ᠶᠢᠨ ᠠᠮᠠᠷᠠᠯᠲᠡ ᠲᠠᠯᠪᠢᠬᠰᠡᠨ ᠪᠤᠯᠬᠤᠷ ᠬᠦᠮᠦᠨ ᠬᠠᠷ᠎ᠡ ᠴᠦᠭᠡᠨ ᠪᠠᠶᠢᠯ᠎ᠡ᠃ ︽ᠤᠯᠠᠨ ᠲᠦᠮᠡᠨ ᠤ ᠤᠷᠠᠯᠢᠭ ᠤᠨ ᠤᠷᠳᠤᠨ︾ ᠭᠡᠰᠡᠨ ᠤᠯᠠᠭᠠᠨᠬᠦᠦ ᠲᠡᠷᠢᠭᠦᠯᠡᠭᠴᠢ ᠶᠢᠨ ᠪᠢᠴᠢᠭᠡᠰᠦ ᠲᠠᠢ ᠤᠯᠠᠭᠠᠨ ᠰᠢᠷ᠎ᠡ ᠦᠩᠭᠡ ᠶᠢᠨ ᠠᠰᠠᠷ ᠨᠢᠳᠤᠨ ᠳᠤ ᠲᠤᠯᠠᠭᠠᠬᠠᠨ ᠨᠢ ᠠᠷᠭ᠎ᠠ ᠦᠭᠡᠢ᠃ ᠡᠮᠧ ᠠᠭᠠᠢ ᠶᠢᠨ ᠢᠶᠠᠨ ᠲᠤᠮᠲᠡ ᠨᠢ ᠵᠤᠬᠰᠤᠵᠦ ᠲᠤᠬᠤᠶᠢᠯᠳᠠᠭᠰᠡᠨ ᠲᠡᠷᠡ ᠬᠦ ᠲᠤᠷᠭᠠᠨ ᠮᠦᠴᠡ ᠶᠢ ᠵᠢᠷᠤᠭ ᠤᠨ ᠮᠠᠰᠢᠨ ᠳᠠᠭᠠᠨ ᠮᠦᠩᠭᠡᠯᠡᠨ ᠦᠯᠡᠲᠡᠭᠡᠯ᠎ᠡ᠃      ᠬᠦᠩᠭᠡᠨ ᠯᠠᠪᠰᠠᠯᠠᠬᠤ ᠴᠠᠰᠤᠨ ᠴᠡᠴᠡᠭ ᠶᠠᠭ ᠯᠡ ᠬᠦᠲᠡᠭᠡ ᠭᠡᠭᠡᠷ᠎ᠡ ᠠᠴᠠ ᠲᠠᠪᠳᠠᠷᠢᠨ ᠨᠢᠰᠦᠭᠰᠡᠨ ᠲᠡᠭᠳᠡᠭᠡᠭᠡᠢ  ᠪᠠᠨ ᠤᠬᠳᠤᠬᠤ ᠰᠢᠭ᠋ ᠠᠶᠠᠷᠬᠠᠨ ᠨᠠᠮᠢᠷᠡᠨ᠎ᠡ᠃ ᠬᠡᠰᠢᠭᠲᠡᠨ ᠨᠤᠳᠤᠭ ᠤᠨ ᠴᠡᠩᠭᠡᠭ ᠨᠠᠭᠤᠷ ᠲᠤ ᠪᠦᠵᠢᠨ ᠪᠦᠵᠢᠭᠰᠡᠨ ᠲᠡᠭᠳᠡᠭᠡᠭᠡᠢ ᠴᠢᠨᠢ ᠡᠶᠢᠨ ᠬᠦ ᠬᠤᠨ ᠤ ᠦᠯᠦᠭᠡᠢ ᠳᠡᠭᠡᠨ ᠤᠷᠢᠬᠠᠨ ᠬᠠᠪᠤᠷ ᠢ ᠤᠬᠳᠤᠨ ᠨᠡᠩ ᠬᠤᠯᠡ ᠶᠢ ᠵᠤᠷᠢᠬᠤ  ᠪᠠᠷ ᠬᠦᠷᠴᠦ ᠢᠷᠡᠯ᠎ᠡ᠃      ︽ᠬᠤᠨ ᠭᠠᠯᠠᠭᠤ︾ ᠲᠠᠢ ᠪᠠᠨ ᠪᠢ ᠢᠩᠭᠢᠵᠦ ᠯᠡ ᠤᠴᠠᠷᠠᠬᠰᠡᠨ ᠡ︕
 
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号