ᠨᠤᠳᠤᠭ ᠤᠨ ᠰᠢᠷ᠎ᠡ ᠵᠠᠮ
ᠨᠡᠶᠢᠲᠡᠯᠡᠭᠰᠡᠨ ᠴᠠᠭ᠄
2019-06-21
                                                    ᠪᠤᠷᠵᠢᠬᠢᠨ ᠪᠠᠶᠠᠨᠳᠦ᠋ᠭᠦᠷᠡᠩ   ᠡᠪᠦᠭᠡᠳ ᠤᠨ ᠦᠭᠡᠷ ᠲᠡᠷᠭᠡ ᠨᠤᠳᠤᠭ ᠤᠨ ᠵᠤᠭᠤᠭ ᠲᠠᠢ ᠬᠠᠮᠲᠦ   ᠰᠠᠵᠢᠯᠠᠨ ᠰᠠᠵᠢᠯᠠᠬᠰᠠᠭᠠᠷ ᠲᠡᠦᠭᠡ ᠪᠤᠯᠵᠦ ᠲᠤᠷᠠᠶᠢᠨ᠎ᠡ   ᠠᠪᠤ ᠶᠢᠨ ᠠᠶᠠᠨ ᠤ ᠲᠦᠷᠦᠭᠡ ᠬᠠᠩᠭᠢᠨᠠᠭᠤᠯᠤᠬᠰᠡᠨ   ᠠᠬᠲᠡ ᠶᠢᠨ ᠰᠢᠨᠳᠠᠰᠦ᠂ ᠠᠪᠡ ᠶᠢᠨ ᠫᠤᠤ ᠲᠠᠢ ᠪᠠᠨ ᠬᠠᠮᠲᠦ   ᠤᠵᠤᠭᠤᠷ ᠪᠤᠯᠵᠦ ᠲᠡᠯᠭᠡᠭᠲᠡᠨ᠎ᠡ   ᠠᠢ᠂ ᠡᠨᠡ ᠪᠦᠬᠦᠨ ᠪᠦᠷ ᠦᠯᠢᠭᠡᠷ ᠤᠨ ᠬᠢ ᠰᠢᠭ   ᠪᠠᠭ᠎ᠠ ᠶᠢᠨ ᠪᠠᠭ᠎ᠠ ᠳᠠᠭᠠᠨ ᠪᠢ   ᠡᠪᠦᠭᠡ ᠶᠢᠨ ᠲᠠᠮᠤᠭᠰᠡᠨ ᠳᠡᠭᠡᠰᠦ ᠶᠢ   ᠠᠯᠳᠠᠨ ᠰᠤᠷ ᠰᠢᠭ᠋ ᠠᠨᠳᠠᠭᠤᠷᠠᠳᠠᠭ ᠪᠠᠶᠢᠬᠰᠡᠨ   ᠲᠡᠭᠡᠭᠦ ᠳᠡᠭᠡᠨ᠂ ᠲᠡᠷᠡ ᠲᠡᠭᠡᠰᠦᠨ ᠤ ᠬᠢᠨᠢ ᠤᠯᠠᠨ ᠠᠷᠪᠢᠨ ᠦᠯᠢᠭᠡᠷ ᠢ   ᠡᠮᠡᠭᠡ ᠶᠢᠨ ᠢᠶᠠᠨ ᠡᠪᠦᠳᠦᠭ ᠲᠡᠭᠡᠷ᠎ᠡ ᠠᠴᠠ   ᠰᠤᠷᠠᠬᠯᠠᠳᠠᠭ ᠪᠠᠶᠢᠬᠰᠡᠨ ᠮᠢᠨᠢ ᠴᠦ ᠦᠨᠡᠨᠲᠠᠢ   ᠠᠢ᠂ ᠡᠨᠡ ᠪᠦᠬᠦᠨ ᠪᠦᠷ ᠲᠤᠮᠤᠭ ᠤᠨ ᠬᠢ ᠰᠢᠭ᠋   ᠡᠵᠢ ᠶᠢᠨ ᠮᠢᠨᠢ ᠲᠦᠷᠭᠦᠮ ᠢᠶᠠᠨ ᠰᠠᠨᠠᠬᠤ ᠪᠦᠷᠢ   ᠰᠠᠷᠠᠪᠴᠢᠯᠠᠨ ᠰᠠᠷᠠᠪᠴᠢᠯᠠᠨ ᠪᠠᠷᠠᠯᠠᠳᠠᠭ   ᠮᠦᠷᠦᠭᠡᠳᠤᠯ ᠤᠨ ᠭᠠᠭᠴᠠ ᠵᠦᠷᠢᠭ᠂ ᠮᠦᠩᠭᠦᠨ ᠰᠠᠷᠡᠨ ᠤ ᠲᠤᠤᠷ᠎ᠡ   ᠮᠦᠷᠦᠭᠡᠳᠤᠯ ᠤᠨ ᠬᠦᠪᠦᠷᠢᠳᠦᠭᠰᠡᠨ ᠠᠶᠠᠯᠭᠤ ᠶᠤᠮ ᠪᠠᠶᠢᠵᠠᠢ   ᠠᠬ᠎ᠠ ᠶᠢᠨ ᠮᠢᠨᠢ ᠬᠢᠴᠢᠶᠠᠯ ᠤᠨ ᠲᠠᠩᠬᠢᠮ ᠠᠴᠠ   ᠬᠦᠲᠡᠯᠮᠦᠷᠢ ᠵᠦᠭ ᠬᠦᠶᠦᠭᠰᠡᠨ   ᠠᠮᠢᠳᠤᠷᠡᠯ ᠤᠨ ᠬᠠᠳᠠᠭᠤ ᠵᠢᠷᠤᠬᠯᠠᠯ   ᠮᠠᠯᠴᠢᠨ ᠤᠳᠤᠮ ᠤᠨ ᠢᠶᠠᠨ ᠬᠤᠶᠢᠴᠢ ᠵᠠᠯᠭᠠᠮᠵᠢᠯᠠᠵᠦ   ᠨᠤᠳᠤᠭ ᠰᠠᠬᠢᠬᠰᠡᠨ ᠦᠷᠭᠦᠯᠵᠢᠯᠠᠯ ᠶᠤᠮ ᠪᠠᠶᠢᠵᠠᠢ   ᠡᠭᠡᠴᠢ ᠶᠢᠨ ᠮᠢᠨᠢ ᠪᠢᠴᠢᠭ ᠤᠨ ᠪᠤᠬᠴᠦ ᠪᠠᠨ ᠮᠦᠷᠦᠯᠡᠭᠡᠳ   ᠠᠯᠤᠰ ᠤᠨ ᠠᠯᠤᠰ ᠢ ᠵᠤᠷᠢᠬᠰᠡᠨ ᠬᠦᠰᠡᠯ ᠤᠨ ᠴᠡᠩᠭᠡᠷ ᠬᠠᠷᠭᠤᠢ   ᠬᠦᠷᠬᠦ ᠢᠷᠡᠭᠡᠳᠤᠢ ᠶᠢᠨ ᠲᠤᠷᠭᠠᠨ ᠰᠢᠵᠢᠮ ᠶᠤᠮ ᠪᠠᠶᠢᠵᠠᠢ   ᠮᠦᠨ ᠴᠦ ᠮᠢᠨᠦ᠂ ᠠᠪᠤ ᠶᠢᠨ ᠢᠶᠠᠨ ᠦᠯᠢᠭᠡᠷ ᠢ ᠬᠠᠭᠤᠴᠢᠯᠠᠬᠤ ᠭᠡᠵᠦ   ᠤᠨᠠᠨ ᠲᠤᠰᠤᠨ ᠬᠦᠶᠦᠭᠰᠡᠨ ᠮᠢᠨᠢ ᠠᠮᠢᠳᠤᠷᠡᠯ ᠤᠨ ᠪᠤᠷᠦ ᠲᠤᠷᠠᠰᠤᠮᠵᠢ ᠶᠤᠮ   ᠠᠮᠠᠷᠠᠭ ᠬᠡᠦᠭᠡᠨ ᠤ ᠪᠠᠨ ᠬᠤᠶᠢᠨ᠎ᠡ ᠠᠴᠠ   ᠲᠤᠷᠠᠰᠤᠨ ᠲᠤᠷᠠᠰᠤᠨ ᠦᠭᠡᠶᠢᠯᠡᠲᠡᠭ   ᠤᠶᠤᠨ ᠤ ᠭᠡᠭᠡᠨ ᠵᠦᠩᠨᠡᠯ ᠮᠢᠨᠢ   ᠤᠷᠤᠯᠳᠤᠵᠦ ᠪᠤᠢ ᠨᠡᠶᠢᠭᠡᠮ ᠤᠨ ᠨᠠᠷᠡᠨ ᠵᠦᠭ ᠤᠨ ᠲᠠᠭᠤᠯᠠᠯ ᠶᠤᠮ   ᠠᠮᠢᠳᠤᠷᠡᠬᠤ ᠶᠢᠨ ᠵᠢᠮ᠎ᠡ ᠶᠢ   ᠠᠯᠬᠤᠮ ᠠᠯᠬᠤᠮ ᠢᠶᠠᠷ ᠤᠬᠠᠭᠠᠷᠠᠬᠰᠡᠨ   ᠢᠷᠡᠭᠡᠳᠤᠢ ᠶᠢᠨ ᠨᠢᠭᠡᠨ ᠤᠷᠤᠰᠢᠬᠤᠢ ᠮᠢᠨᠢ   ᠨᠡᠭᠦᠲᠡᠯ ᠤᠨ ᠦᠩᠭᠡ ᠨᠢ ᠰᠡᠮᠡᠷᠡᠭᠰᠡᠨ   ᠤᠨ ᠵᠠᠭᠤᠨ ᠤ ᠴᠠᠭᠠᠨᠠᠬᠢ ᠬᠠᠰᠠᠭ ᠤᠨ ᠴᠤᠪᠤᠭ᠎ᠠ ᠶᠤᠮ   ᠦᠩᠭᠡᠷᠡᠭᠰᠡᠨ   ᠡᠲᠦᠭᠡ ᠶᠢ ᠰᠢᠭᠦᠮᠵᠢᠯᠡᠬᠦ   ᠬᠦᠮᠦᠨ ᠨᠤᠳᠤᠭ ᠤᠨ ᠮᠢᠨᠢ ᠠᠮᠢᠳᠤᠷᠡᠯ ᠤᠨ ᠲᠤᠯᠢ ᠪᠢᠴᠢᠭ   ᠨᠤᠳᠤᠭ ᠤᠨ ᠰᠢᠷ᠎ᠡ ᠵᠠᠮ ᠶᠤᠮ᠃
 
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号