ᠬᠤᠩᠭᠤᠷ ᠤᠪᠤᠭ᠎ᠠ
ᠨᠡᠶᠢᠲᠡᠯᠡᠭᠰᠡᠨ ᠴᠠᠭ᠄
2019-06-20
     ᠬᠤᠩᠭᠤᠷ ᠤᠪᠤᠭ᠎ᠠ ᠪᠤᠯ ᠰᠢᠷᠡᠮᠦ᠋ᠷᠡᠨ ᠪᠠᠯᠭᠠᠰᠤᠨ ᠠᠴᠠ ᠬᠤᠶᠢᠰᠢ ᠠᠷᠪᠠᠨ ᠲᠠᠪᠤᠨ ᠭᠠᠵᠠᠷ ᠤᠨ ᠵᠠᠶᠢᠳᠠᠢ ᠪᠠᠶᠢᠬᠤ ᠲᠡᠯ᠎ᠡ ᠶᠢᠨ ᠲᠤᠮᠳᠠᠬᠢ ᠦᠨᠳᠦᠷ ᠦᠨᠦᠴᠢᠨ ᠲᠤᠪᠤᠷᠴᠠᠭ ᠤᠨ ᠤᠷᠤᠢ ᠲᠡᠭᠡᠷ᠎ᠡ ᠲᠠᠯᠠᠢ ᠶᠢᠨ ᠲᠦᠪᠰᠢᠨ ᠠᠴᠠ ᠲᠡᠭᠡᠭᠰᠢ 1669 ᠮᠧᠲᠷ ᠦᠨᠳᠦᠷ ᠲᠤ ᠪᠠᠶᠢᠷᠢᠰᠢᠵᠦ ᠪᠤᠢ᠃      ᠡᠨᠡ ᠤᠪᠤᠭ᠎ᠠ ᠪᠤᠯ ᠡᠷᠬᠢᠨ ᠲᠤᠭᠤᠷᠢᠨ ᠨᠠᠯᠦᠶᠢᠭᠰᠡᠨ ᠲᠡᠯ᠎ᠡ ᠭᠠᠵᠠᠷ ᠤᠨ ᠲᠤᠮᠳᠠᠬᠢ ᠦᠨᠳᠦᠷᠯᠢᠭ ᠲᠤ ᠪᠠᠶᠢᠷᠢᠰᠢᠳᠠᠭ ᠤᠴᠢᠷ ᠠᠴᠠ᠂ ᠡᠷᠲᠡ ᠲᠤ ᠪᠠᠨ ᠰᠢᠷᠠᠮᠦ᠋ᠷᠡᠨ ᠤ ᠮᠠᠯᠴᠢᠳ ᠠᠳᠤᠭᠤ ᠮᠠᠯ ᠤᠨ ᠪᠡᠯᠴᠢᠭᠡᠷ ᠢᠶᠠᠷ ᠡᠨᠡ ᠠᠭᠤᠯᠠ ᠶᠢᠨ ᠤᠷᠤᠢ ᠲᠡᠭᠡᠷ᠎ᠡ ᠠᠭᠤᠯᠵᠠᠵᠦ᠂ ᠮᠠᠯ ᠤᠨ ᠢᠶᠠᠨ ᠪᠠᠷ᠎ᠡ ᠶᠢ ᠬᠠᠷᠠᠵᠦ᠂ ᠰᠡᠳᠬᠢᠯ ᠰᠠᠨᠠᠭ᠎ᠠ ᠪᠡ ᠢᠨᠠᠭ ᠬᠠᠶᠢᠷ᠎ᠡ ᠪᠠᠨ ᠶᠠᠷᠢᠯᠴᠠᠳᠠᠭ ᠴᠤᠷ ᠤᠨ ᠭᠠᠭᠴᠡ ᠲᠤᠬᠢᠷᠠᠮᠵᠢᠲᠠᠢ ᠤᠷᠤᠨ ᠪᠤᠯᠤᠭᠰᠡᠨ ᠠᠴᠠ᠂ ᠬᠦᠮᠦᠰ ᠭᠠᠷᠬᠤ ᠪᠤᠯᠭᠠᠨ ᠴᠢᠯᠠᠭᠤ ᠠᠪᠴᠦ ᠭᠠᠷᠤᠨ ᠤᠪᠤᠭᠠᠯᠠᠬᠰᠠᠭᠠᠷ ᠪᠠᠶᠢᠭᠠᠳ ᠨᠠᠯᠢᠶᠠᠳ ᠪᠦᠳᠦᠭᠦᠨ ᠤᠪᠤᠭ᠎ᠠ ᠪᠤᠯᠵᠠᠢ᠃ ᠨᠡᠩ ᠴᠦ ᠲᠡᠷᠡ ᠦᠶ᠎ᠡ ᠶᠢᠨ ᠵᠠᠯᠠᠭᠤᠴᠤᠳ ᠴᠡᠷᠢᠭ ᠲᠤ ᠲᠠᠳᠠᠬᠳᠠᠵᠦ ᠶᠠᠪᠤᠬᠤ ᠠᠴᠠ ᠪᠠᠨ ᠡᠮᠦᠨ᠎ᠡ ᠡᠨᠡ ᠠᠭᠤᠯᠠᠨ ᠲᠡᠭᠡᠷ᠎ᠡ ᠭᠠᠷᠴᠦ ᠢᠨᠠᠭ ᠬᠤᠩᠭᠤᠷ ᠲᠠᠢ ᠪᠠᠨ ᠰᠠᠯᠬᠤ ᠶᠢᠨ ᠵᠤᠪᠠᠯᠠᠩ ᠢᠶᠠᠨ ᠲᠤᠭᠠᠴᠢᠨ᠂ ᠤᠪᠤᠭᠠᠨ ᠤ ᠰᠠᠬᠢᠭᠤᠯᠰᠤᠨ ᠳᠤ ᠲᠠᠭᠠᠳᠬᠠᠵᠦ ᠮᠤᠷᠳᠠᠬᠤ ᠪᠡ ᠴᠡᠷᠢᠭ ᠲᠤ ᠶᠠᠪᠤᠬᠰᠡᠳ ᠤᠨ ᠭᠡᠷ ᠲᠤ ᠪᠠᠨ ᠬᠤᠴᠤᠷᠤᠭᠰᠡᠨ ᠢᠨᠠᠭ ᠬᠤᠩᠭᠤᠷ ᠨᠢ ᠬᠡᠵᠢᠶᠡᠲᠡ ᠮᠠᠯ ᠢᠶᠠᠷ ᠢᠶᠠᠨ ᠠᠲᠡ ᠢᠷᠡᠵᠦ ᠠᠯᠤᠰ ᠤᠨ ᠪᠡᠷ᠎ᠡ ᠶᠢ ᠰᠢᠷᠲᠡᠨ᠂ ᠬᠠᠨᠢ ᠨᠦᠬᠦᠷ ᠤᠨ ᠢᠶᠠᠨ ᠰᠠᠶᠢᠨ ᠰᠠᠶᠢᠬᠠᠨ ᠶᠠᠪᠤᠵᠦ ᠢᠷᠡᠬᠦ ᠶᠢ ᠤᠪᠤᠭᠠᠨ ᠳᠤ ᠪᠠᠨ ᠲᠠᠭᠠᠳᠬᠠᠨ ᠵᠠᠯᠪᠠᠷᠢᠳᠠᠭ ᠠᠴᠠ ᠨᠤᠳᠤᠭ ᠤᠨ ᠬᠢᠨ ᠬᠤᠩᠭᠤᠷ ᠤᠪᠤᠭ᠎ᠠ ᠭᠡᠮᠡᠨ ᠨᠠᠨᠳᠢᠩᠨᠠᠨ ᠲᠠᠭᠤᠳᠠᠳᠠᠭ ᠪᠤᠯᠤᠭᠰᠡᠨ ᠶᠤᠮ᠃ ᠴᠡᠷᠢᠭ ᠤᠨ ᠤᠪᠤᠭ᠎ᠠ ᠭᠡᠵᠦ ᠴᠡᠷᠢᠭ ᠤᠨ ᠬᠦᠮᠦᠨ ᠵᠠᠯᠪᠠᠷᠢᠵᠦ ᠰᠢᠲᠦᠭᠦ ᠠᠴᠠ ᠪᠢᠰᠢ᠂ ᠲᠤᠰᠬᠠᠢ ᠲᠠᠬᠢᠯᠭ᠎ᠠ ᠲᠠᠢ ᠤᠪᠤᠭ᠎ᠠ ᠪᠢᠰᠢ ᠶᠤᠮ᠃ ᠬᠠᠷᠢᠨ ᠶᠠᠪᠤᠭᠠᠨ ᠳᠤ ᠪᠠᠨ ᠶᠠᠩᠵᠦ ᠪᠦᠷᠢ ᠶᠢᠨ ᠤᠳᠬ᠎ᠠ ᠠᠭᠤᠯᠭ᠎ᠠ ᠨᠡᠮᠡᠭᠲᠡᠨ ᠶᠠᠩᠵᠦ ᠶᠠᠩᠵᠦ ᠪᠠᠷ ᠲᠠᠬᠢᠵᠦ᠂ ᠵᠤᠭᠠᠴᠠᠯ ᠤᠨ ᠨᠢᠭᠡᠨ ᠠᠯᠳᠠᠷᠲᠠᠢ ᠬᠢᠯᠡᠰ ᠴᠢᠭ ᠪᠤᠯᠤᠨ ᠬᠦᠮᠦᠨ ᠤ ᠠᠨᠢᠷ᠂ ᠬᠦᠯ ᠤᠨ ᠴᠢᠮᠡᠭᠡ ᠡᠳᠤᠷ ᠰᠦᠨᠢ ᠦᠭᠡᠢ ᠦᠷᠭᠦᠯᠵᠢᠯᠠᠬᠦ ᠲᠠᠪᠴᠠᠩ ᠪᠤᠯᠵᠠᠢ᠃                                                                                ᠨᠠᠶᠢᠷᠠᠭᠤᠯᠤᠭᠴᠢ᠄ ᠽᠠᠨᠳᠠᠨᠮᠦ᠋ᠴᠢᠷ                                          ᠬᠦᠢᠴᠡᠳᠭᠡᠭᠴᠢ ᠬᠢᠨᠠᠬᠴᠢ᠄ ᠸᠠᠩ ᠸᠧᠨ ᠶᠢᠩ                                          ᠬᠢᠨᠠᠬᠴᠢ᠄ ᠵᠠᠩ ᠬᠦᠢ ᠵᠧᠨ                               ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号