ᠴᠢᠮᠠᠯᠠᠬᠤ ᠪᠠᠷ ᠢᠶᠠᠨ ᠴᠢᠩᠭ᠎ᠠ ᠠᠳᠬᠤᠭᠠᠷᠠᠢ ᠬᠡᠮᠡᠬᠦ ᠢᠯᠡ ᠵᠠᠬᠢᠶ᠎ᠠ
ᠨᠡᠶᠢᠲᠡᠯᠡᠭᠰᠡᠨ ᠴᠠᠭ᠄
2019-06-12
                                                   ᠵᠣᠬᠢᠶᠠᠭᠴᠢ᠄ ᠲᠠᠮᠦᠷᠬᠤᠶᠠᠭ      ᠬᠦᠬᠡᠷᠦᠬᠦᠨ ᠲᠡᠬᠦᠣ ᠨᠡᠷ ᠮᠢᠨᠢ ᠰᠠᠶᠢᠨ ᠪᠠᠶᠢᠵᠠᠭᠠᠨ᠎ᠠ ᠦᠦ︖      ᠰᠠᠶᠢᠬᠠᠨ ᠵᠣᠰᠠᠵᠠᠭᠠᠵᠦ ᠪᠠᠶᠢᠨ᠎ᠠ ᠦᠦ︖      ᠵᠢᠯ ᠳᠤ ᠭᠠᠭᠴᠠᠬᠠᠨ ᠣᠳᠠᠭ᠎ᠠ ᠨᠠᠷᠠ ᠪᠠᠨ ᠭᠠᠷᠳᠠᠯ᠎ᠠ ᠪᠠᠶᠠᠷᠯᠠᠳᠠᠭ ᠡᠨᠡ ᠬᠦ ᠠᠵᠠ ᠵᠢᠷᠭᠠᠯᠳᠣ ᠡᠳᠦᠷ ᠢᠶᠠᠨ ᠰᠠᠶᠢᠬᠠᠨ ᠦᠡᠭᠬᠡᠷᠡᠭᠡᠭᠰᠡᠨ ᠪᠠᠶᠢᠬ᠎ᠠ ᠡ᠃ ᠣᠳᠣ ᠠᠴᠠ ᠬᠤᠷᠢ ᠭᠠᠷᠣᠢ ᠵᠢᠯ ᠤᠨ ᠡᠮᠦᠨ᠎ᠡ ᠪᠢ ᠴᠦ ᠲᠠ ᠨᠠᠷ ᠲᠠᠢ ᠪᠠᠨ ᠠᠳᠠᠯᠢᠬᠠᠨ ︽ᠪᠠᠶᠠᠷ ᠤᠨ ᠡᠳᠦᠷ ᠮᠢᠨᠢ ᠬᠤᠷᠳᠣᠬᠠᠨ ᠢᠷᠡᠬᠡᠰᠡᠢ︾ ᠬᠡᠳ ᠬᠤᠷᠣᠭᠤ ᠲᠠᠷᠣᠵᠦ ᠬᠤᠨᠤᠭ ᠲᠣᠭᠠᠯᠠᠨ ᠬᠦᠯᠢᠶᠡᠳᠡᠭ ᠢᠶᠠᠨ ᠶᠠᠭᠤᠨ ᠨᠢᠭᠤᠬᠤ ᠪᠣᠢ᠃ ᠵᠠ᠂ ᠮᠠᠭᠤ ᠠᠬ᠎ᠠ ᠨᠢ ᠤᠳᠤ ᠲᠠ ᠨᠠᠷ ᠲᠠᠭᠠᠨ ᠶᠠᠮᠠᠷ ᠰᠢᠣᠬᠠᠨ ᠪᠡᠯᠡᠭ ᠪᠠᠷᠢᠳᠠᠭ ᠪᠢᠯᠡ︖ ᠬᠡᠵᠦ ᠣᠳᠠᠭᠠᠨ ᠬᠡᠭᠴᠢ ᠪᠣᠳᠣᠯ᠎ᠠ᠃ ᠣᠭ ᠨᠢ ᠬᠦᠮᠦᠨ ᠪᠦᠷᠢ ᠳᠤ ᠬᠦᠬᠡᠷᠦᠬᠦᠨ ᠪᠡᠯᠡᠭ ᠠᠪᠴᠦ ᠦᠭᠬᠦᠶ᠎ᠡ ᠬᠡᠰᠡᠨ᠃ ᠬᠡᠬᠦ ᠳᠤ ᠠᠬ᠎ᠠ ᠳᠤᠨᠢ ᠲᠡᠷᠡ ᠬᠡᠮᠵᠢᠶᠡᠨ ᠤ ᠮᠦᠩᠬᠦ ᠲᠦᠬᠦᠷᠢᠭ ᠪᠠᠶᠢᠳᠠᠭ ᠦᠭᠡᠢ᠃ ᠬᠠᠷᠢᠨ ᠤᠬᠠᠭᠠᠷᠡᠯ ᠪᠤᠯᠬᠤᠶᠢᠢᠴᠠ ᠨᠢᠬᠡᠨ ᠵᠢᠱᠢᠶ᠎ᠠ ᠶᠢ ᠦᠬᠦᠯᠡᠵᠦ ᠪᠡᠯᠡᠭ ᠤᠨ ᠳᠤᠭᠠᠨ ᠳᠤ ᠬᠦᠢᠴᠡᠬᠡᠶ᠎ᠠ ᠬᠡᠮᠡᠨ ᠰᠢᠢᠳᠦᠯ᠎ᠠ᠃      ᠲᠠᠪᠤ ᠭᠤᠷᠪᠠᠨ ᠵᠢᠯ ᠤᠨ ᠡᠮᠦᠨᠡᠬᠢ ᠵᠢᠷᠭᠤᠭᠠᠨ ᠰᠠᠷ᠎ᠠ ᠶᠢᠨ ᠨᠢᠬᠡᠨ ᠤ ︽ᠬᠡᠤᠬᠡᠳ ᠤᠨ ᠪᠠᠶᠠᠷ︾ ᠤᠨ ᠲᠦᠷᠦᠬᠦᠣ ᠡᠳᠦᠷ ᠪᠠᠶᠢᠵᠦ ᠪᠢᠯᠡ᠃ ᠬᠦᠬᠡᠬᠤᠳᠠ ᠳᠤ ᠪᠠᠶᠢᠭ᠎ᠠ ᠣᠰᠣ ᠨᠣᠳᠤᠭ ᠤᠨ ᠲᠠᠨᠢᠯ ᠤᠨ ᠢᠶᠠᠨ ᠣᠷᠢᠯᠭ᠎ᠠ ᠪᠠᠷ ᠭᠡᠷ ᠲᠤᠨᠢ ᠬᠦᠷᠦᠯ᠎ᠡ᠃ ︽ᠨᠠᠮᠠᠢᠢ ᠢᠷᠡᠯ᠎ᠡ︾ ᠬᠡᠳ ᠬᠦᠣ ᠦᠬᠢᠨ ᠲᠠᠢ ᠪᠠᠨ ᠲᠦᠷᠪᠡᠬᠦᠯᠡ ᠬᠦᠯ ᠬᠦᠬᠡᠷᠴᠥᠭ ᠪᠣᠯᠪᠠ᠃ ᠣᠶᠢᠷ᠎ᠠ ᠶᠢᠨ ᠬᠤᠭᠤᠴᠠᠭᠠᠨ ᠳᠤ ᠡᠳᠡᠨ ᠤ ᠬᠢ ᠪᠠᠷ ᠢᠷᠡᠭᠡ ᠦᠭᠡᠢ ᠶᠢᠨ ᠬᠠᠷᠠᠭ᠎ᠠ ︽ᠬᠠᠷ᠎ᠠ ᠭᠡᠷ ᠤᠨ ᠢᠶᠠᠨ ᠬᠠᠭᠠᠨ᠂ ᠪᠣᠷᠣ ᠬᠡᠷ ᠤᠨ ᠢᠶᠠᠨ ᠪᠣᠭᠳᠠ︾ ᠬᠤᠶᠠᠷ ᠵᠢᠭᠠᠯ ᠲᠠᠢ ᠪᠠᠨ ᠲᠣᠭᠯᠠᠶ᠎ᠠ ᠬᠡᠵᠦ ᠰᠠᠨᠠᠭᠰᠠᠨ ᠨᠢ ᠦᠨᠡᠨ᠃ ᠬᠡᠳᠦᠬᠦᠯᠡ ᠬᠦᠳᠡᠭᠡ ᠭᠠᠳᠠᠭ᠎ᠠ᠂ ᠬᠤᠳᠠ ᠣᠰᠣᠨ ᠤ ᠰᠣᠨᠢᠨ ᠢ ᠶᠠᠷᠢᠯᠴᠠᠵᠦ ᠰᠠᠭᠤᠬᠤ ᠳᠤ ᠴᠠᠭᠠᠳᠣ ᠬᠤᠶᠠᠷ ᠮᠠᠨᠢ ᠮᠠᠷᠭᠠᠰᠢ ︽ᠪᠠᠶᠠᠷ ᠤᠨ ᠡᠳᠦᠷ︾ ᠭᠡᠳ ᠬᠦᠯ ᠲᠡᠪᠵᠢᠶᠡᠨ ᠪᠣᠯᠣᠨ᠎ᠠ᠃ ᠪᠢᠳᠡᠨ ᠢ ᠶᠠᠷᠢᠯᠴᠠᠵᠦ ᠪᠠᠶᠢᠬᠤ ᠳᠤ ᠮᠠᠨ ᠬᠤᠶᠡᠷ ᠮᠠᠨᠢ ᠲᠡᠷᠬᠡᠳᠡ ᠬᠦᠷᠴᠦ ᠢᠷᠡᠬᠡᠳ᠂ ᠨᠠᠭᠠᠴᠦ ᠡᠮᠡᠭᠡ ᠶᠠᠭᠤ ᠠᠪᠴᠦ ᠦᠭᠬᠦᠭᠰᠡᠨ᠂ ᠨᠠᠭᠠᠴᠦ ᠡᠪᠦᠭᠡ ᠶᠠᠭᠤ ᠪᠡᠯᠡᠭᠯᠡᠭᠰᠡᠨ᠂ ᠡᠪᠦᠭᠡ ᠠᠪᠤ ᠶᠠᠭᠤ ᠦᠭᠬᠦ ᠭᠡᠵᠦ ᠪᠠᠶᠢᠭ᠎ᠠ᠂ ᠡᠮᠡᠭᠡ ᠡᠵᠢ ᠨᠢ ᠶᠠᠮᠠᠷ ᠪᠡᠯᠡᠭ ᠪᠡᠯᠡᠳᠬᠡᠭᠰᠡᠨ᠁ ᠬᠡᠳ ᠯᠡ ᠣᠯᠣᠭᠰᠠᠨ ᠬᠡᠳᠦᠨ ᠪᠡᠯᠡᠭ ᠪᠣᠶᠣ ᠣᠯᠬᠤ ᠭᠡᠵᠦ ᠪᠠᠶᠢᠭ᠎ᠠ ᠪᠡᠯᠡᠭ ᠤᠳ ᠢᠶᠠᠨ ᠪᠡᠶ᠎ᠡ ᠪᠡᠶ᠎ᠡ ᠲᠠᠢ ᠪᠠᠨ ᠦᠷᠢᠰᠦᠨ ᠪᠠᠶᠢᠵᠦ ᠨᠠᠳᠠ ᠦᠵᠡᠬᠦᠯᠬᠦ ᠪᠣᠶᠣ ᠬᠡᠯᠡᠵᠦ ᠦᠭᠬᠦ ᠶᠣᠮ ᠪᠢᠯᠡ᠃ ᠲᠡᠬᠡᠬᠦ ᠳᠤ ᠠᠪᠤ ᠡᠵᠢ ᠨᠢ᠄ ︽ᠲᠠᠨ ᠤ ᠬᠤᠶᠠᠷ ᠠᠬ᠎ᠠ ᠶᠢ ᠪᠠᠨ ᠠᠮᠠᠷ ᠰᠠᠭᠤᠯᠭᠠᠯ ᠳ᠋ᠠ᠃ ᠢᠷᠡᠬᠦ ᠦᠭᠡᠢ ᠪᠠᠶᠢᠵᠦ ᠢᠷᠡᠬᠦ ᠪᠠᠷ ᠨᠢ ᠨᠣᠣᠷᠠᠭᠠᠳ ᠪᠠᠶᠢᠬᠤ ᠶᠣᠮ ᠡ︾ ᠬᠡᠳ ᠬᠤᠶᠠᠷ ᠬᠡᠣᠬᠡᠳ ᠢᠶᠠᠨ ᠦᠬᠡᠯᠡᠬᠦ ᠳᠤ ᠨᠢᠬᠡᠨᠳᠡ ᠯᠡ ᠬᠠᠭᠤᠴᠢᠨ ᠵᠢᠯ ᠤᠨ ᠲᠣᠭᠤᠰᠣ ᠪᠠᠨ ᠬᠦᠪᠢᠬᠦᠯᠬᠦ ᠠᠴᠠ ᠦᠩᠬᠡᠷᠡᠴᠢᠬᠡᠭᠰᠡᠨ ᠪᠣᠯᠬᠤᠷ ︽ᠨᠣᠬᠠᠢ ᠬᠤᠴᠠᠬᠤ ᠪᠠᠷ ᠢᠶᠠᠨ ᠬᠤᠴᠢᠭ᠂ ᠲᠡᠮᠡᠭᠡ ᠶᠠᠪᠣᠬᠤ ᠪᠠᠷ ᠢᠶᠠᠨ ᠶᠠᠪᠤᠭ︾ ᠬᠡᠰᠡᠨ ᠰᠢᠭ ᠪᠣᠯᠵᠦ ᠪᠠᠶᠢᠯ᠎ᠠ᠃ ᠪᠢ ᠬᠤᠶᠠᠷ ᠲᠡᠬᠦᠣ ᠪᠠᠨ᠄ ︽ᠲᠠ ᠬᠤᠶᠠᠷ ᠴᠢᠨᠢ ᠲᠡᠬᠡᠬᠡᠳ ᠠᠪᠤ ᠡᠵᠢ ᠠᠴᠠ ᠪᠠᠨ ᠪᠡᠯᠡᠭ ᠲᠣᠰᠤᠭ᠎ᠠ ᠦᠭᠡᠢ ᠶᠣᠮ ᠦᠦ︖︾ ᠬᠡᠵᠦ ᠦᠰᠬᠡᠬᠦᠯᠪᠡᠯ ᠲᠡᠬᠦᠣ ᠨᠢ ᠠᠬ᠎ᠠ ᠠᠴᠠ ᠪᠠᠨ ᠠᠮᠵᠢᠵᠦ ︽ᠠᠪᠤ ᠡᠵᠢ ᠬᠤᠶᠠᠷ ᠶᠠᠭᠤ ᠴᠦ ᠠᠪᠴᠦ ᠦᠭᠬᠦᠬᠡ ᠦᠭᠡᠢ︾ ᠬᠡᠳ ᠨᠢᠰᠦ ᠪᠠᠨ ᠫᠣᠷᠳ᠋ ᠬᠢᠳᠡᠯ᠎ᠡ ᠲᠠᠳᠠᠭᠰᠠᠨ ᠢᠶᠠᠨ ᠣᠷᠣᠭᠤᠯ ᠢᠶᠠᠨ ᠴᠣᠷᠪᠤᠶᠢᠯᠭᠠᠪᠠ᠃ ᠠᠬ᠎ᠠ ᠨᠢ ᠴᠦ ︽ᠲᠡᠶᠢᠮᠦ︾ ᠬᠡᠰᠡᠨ ᠰᠢᠭ ᠨᠠᠮᠠᠢᠢ ᠨᠠᠯᠠᠵᠦ ᠵᠣᠭᠰᠣᠭᠠᠳ ᠲᠡᠬᠦᠣ ᠪᠠᠨ ᠨᠢᠬᠡ ᠬᠠᠷᠠᠵᠦ᠂ ᠠᠪᠤ ᠡᠵᠢ ᠪᠠᠨ ᠨᠢᠬᠡ ᠴᠢᠷᠠᠶᠢᠴᠢᠯᠠᠨ᠎ᠠ᠃ ᠲᠡᠬᠡᠳᠡᠯ᠎ᠡ ᠠᠪᠤ ᠨᠢ᠄ ︽ᠬᠦᠶ᠋ᠢ᠂ ᠬᠦᠶ᠋ᠢ᠂ ᠶᠠᠭᠤ ᠬᠡᠰᠡᠨ ᠦᠬᠡ ᠪᠣᠢ︖ ᠪᠠᠶᠢᠨ᠎ᠠ ᠡ᠂ ᠪᠠᠶᠢᠨ᠎ᠠ᠂ ᠪᠠᠶᠢᠬᠤ ᠯᠡ ᠪᠣᠶᠠᠨ᠂ ᠡᠵᠢ ᠴᠢᠨᠢ ᠲᠠ ᠬᠤᠶᠠᠷ ᠲᠤ ᠦᠨᠡᠳᠡᠢ ᠪᠡᠯᠡᠭ ᠠᠪᠣᠭᠰᠠᠨ᠃ ᠠᠪᠤ ᠨᠢ ᠦᠪᠡᠷ ᠤᠨ ᠢᠶᠠᠨ ᠠᠪᠣᠭᠰᠠᠨ ᠢ ᠮᠠᠷᠭᠠᠰᠢ ᠦᠭᠬᠦᠶ᠎ᠡ ᠬᠡᠵᠦ ᠪᠣᠳᠣᠭᠰᠠᠨ ᠶᠣᠮ ᠯᠡ ᠳ᠋ᠠ᠃ ᠶᠠᠭᠠᠷᠠᠵᠦ ᠪᠠᠶᠢᠪᠠᠯ ᠣᠳᠣ ᠦᠭᠴᠢᠬᠡᠶ᠎ᠡ︾ ᠬᠡᠳ ᠰᠠᠭᠤᠭᠰᠠᠨ ᠭᠠᠵᠠᠷ ᠠᠴᠠ ᠪᠠᠨ ᠰᠢᠢᠳᠮᠡᠭ ᠪᠣᠰᠴᠦ ᠬᠤᠪᠴᠠᠰᠣᠨ ᠤ ᠬᠤᠷᠭᠤ ᠪᠠᠨ ᠨᠡᠬᠡᠬᠡᠭᠰᠡᠨ ᠢᠶᠠᠨ ᠵᠣᠭᠤᠰᠣᠨ ᠤ ᠲᠦᠷᠡᠶᠢᠪᠴᠢ ᠭᠠᠷᠭᠠᠵᠦ ᠬᠤᠶᠠᠷ ᠬᠤᠶᠠᠷ ᠵᠠᠭᠤᠨ ᠲᠦᠬᠦᠷᠢᠭ ᠰᠣᠭᠤᠯᠵᠦ ᠠᠪᠣᠭᠠᠳ ᠬᠦᠣ ᠦᠬᠢᠨ ᠳᠡᠭᠡᠨ ᠨᠢᠬᠡᠳ ᠨᠢᠬᠡ ᠪᠠᠷ ᠠᠳᠬᠤᠭᠤᠯᠵᠦ ︽ᠨᠣᠮ ᠠᠪᠴᠦ ᠣᠩᠰᠢᠭᠠᠷᠠᠢ᠂ ᠮᠠᠷᠭᠠᠰᠢ ᠪᠠᠶᠠᠷ ᠤᠨ ᠡᠳᠦᠷ ᠢᠶᠠᠨ ᠰᠠᠶᠢᠬᠠᠨ ᠪᠡᠯᠬᠡᠯᠡ︾ ᠬᠡᠳ ᠮᠠᠩᠨᠠᠢ ᠲᠡᠭᠡᠷ᠎ᠡ ᠨᠢ ᠦᠨᠦᠰᠴᠦ ᠢᠷᠦᠬᠡᠪᠡ᠃ ᠲᠡᠭᠡᠳᠡᠯ᠎ᠡ ᠪᠠᠶᠢᠨ᠎ᠠ ᠦᠦ᠂ ᠲᠣᠮᠣ ᠨᠢ ᠪᠡᠯᠡᠭ ᠢᠶᠠᠨ ᠲᠣᠰᠴᠦ ᠠᠪᠣᠮᠠᠭᠴᠠ ︽ᠬᠤᠶᠠᠷᠬᠠᠨ ᠵᠠᠭᠤᠨ ᠲᠦᠬᠦᠷᠢᠭ ᠦᠦ︖ ᠠᠪᠤ ᠡ᠂ ᠡᠨᠡ ᠪᠠᠷ ᠴᠢᠨᠢ ᠶᠠᠭᠤ ᠪᠠᠨ ᠬᠢᠬᠦ ᠶᠣᠮ︖ ᠮᠠᠨ ᠤ ᠠᠩᠬᠢ ᠶᠢᠨ ᠬᠠᠮᠳᠣ ᠰᠣᠷᠣᠭᠴᠢᠳ ᠤᠨ ᠠᠪᠤ ᠡᠵᠢ ᠨᠢ ᠬᠡᠣᠬᠡᠳ ᠤᠳ  ᠲᠡᠭᠡᠨ ᠪᠦᠷ ᠲᠠᠪᠣᠨ ᠵᠠᠭᠤ᠂ ᠮᠢᠩᠭᠠᠨ ᠲᠦᠬᠦᠷᠢᠭ ᠦᠭᠴᠦ ᠪᠠᠶᠢᠨ᠎ᠠ᠃ ᠠᠪᠤ ᠬᠤᠶᠠᠷᠬᠠᠨ ᠵᠠᠭᠤᠨ ᠲᠦᠬᠦᠷᠢᠭ ᠦᠭᠬᠦ ᠶᠣᠮ ᠪᠣᠯ ᠦᠭᠬᠦ ᠦᠭᠡᠢ ᠪᠠᠨ ᠬᠦᠷᠬᠦ ᠦᠭᠡᠢ︾ ᠬᠡᠳ ᠲᠠᠰᠣ ᠲᠣᠣᠭᠠᠷᠴᠢᠬᠠᠯ᠎ᠠ᠃ ᠡᠵᠢ ᠨᠢ ᠬᠠᠵᠠᠭᠤ ᠠᠴᠠ᠄ ︽ᠲᠠ ᠬᠤᠶᠠᠷ ᠲᠡᠩᠳᠡᠬᠦᠣ ᠪᠢᠳᠡᠬᠡᠢ ᠬᠡᠳᠦᠷᠡᠬᠡᠳ ᠪᠠᠶᠢᠭᠠᠷᠠᠢ᠃ ᠶᠠᠭᠠᠬᠢᠬᠤ ᠳᠠᠭᠠᠨ ᠲᠠᠩᠳᠠ ᠬᠦᠮᠦᠨ ᠲᠠᠢ ᠠᠳᠠᠯᠢᠳᠬᠠᠭᠠᠳ ᠪᠠᠶᠢᠨ᠎ᠠ᠃ ᠬᠤᠶᠠᠷ ᠵᠠᠭᠤᠨ ᠲᠦᠬᠦᠷᠢᠭ ᠢᠶᠠᠷ ᠶᠠᠭᠤ ᠬᠢᠵᠦ ᠪᠣᠯᠬᠤ ᠦᠭᠡᠢ ᠶᠣᠮ︖ ᠮᠠᠷᠭᠠᠰᠢ ᠪᠠᠰᠠ ᠣᠯᠠᠨ ᠪᠡᠯᠡᠭ ᠪᠠᠶᠢᠭ᠎ᠠ ᠪᠢᠰᠢᠣ ᠦᠦ︖ ᠲᠠ ᠬᠤᠶᠠᠷ ᠠᠪᠬᠤ ᠦᠭᠡᠢ ᠪᠣᠯ ᠪᠢ ᠠᠪᠣᠶ᠎ᠠ︾ ᠭᠡᠳ ᠰᠢᠷᠦᠬᠦᠨ ᠬᠠᠷᠠᠵᠦ ᠦᠨᠳᠦᠷ ᠲᠣᠣᠭᠠᠷᠣᠭᠰᠠᠨ ᠴᠢᠨᠢ ᠡᠷᠬᠡ ᠲᠠᠩᠬᠢ ᠦᠰᠦᠭᠰᠡᠨ ᠪᠠᠨᠳᠢ ᠨᠡᠷ ᠡᠬᠦᠨ ᠤ ᠠᠶ᠎ᠠ ᠶᠢ ᠲᠠᠭᠠᠭᠠᠯ ᠦᠭᠡᠢ ᠠᠭᠤᠷ ᠣᠴᠠᠭᠠᠷ ᠨᠢ ᠬᠦᠷᠴᠦ ᠦᠬᠡᠯᠡᠭᠰᠡᠭᠡᠷ ᠴᠠᠭᠠᠳᠣ ᠲᠠᠯ᠎ᠠ ᠶᠢᠨ ᠣᠨᠳᠠᠬᠤ ᠦᠷᠦᠬᠡᠨ ᠳᠡᠭᠡᠨ ᠶᠠᠪᠣᠴᠢᠬᠠᠪᠠ᠃ ᠣᠷᠣᠬᠤ ᠳᠠᠭᠠᠨ ᠬᠠᠭᠠᠯᠭ᠎ᠠ ᠪᠠᠨ ︽ᠫᠠᠰ︾ ᠬᠢᠳᠡᠯ᠎ᠡ ᠰᠠᠪᠠᠵᠦ ᠣᠷᠬᠢᠪᠠ᠃      ᠪᠢ ᠴᠢᠨᠢ ᠠᠶᠢᠯᠴᠢᠯᠠᠵᠦ ᠢᠷᠡᠬᠦ ᠦᠭᠡᠢ ᠪᠠᠶᠢᠵᠦ ᠪᠠᠶᠢᠭᠠᠳ ᠢᠷᠡᠬᠦ ᠳᠡᠭᠡᠨ ᠬᠤᠶᠠᠷ ᠬᠡᠣᠬᠡᠳ ᠢ ᠨᠢ ᠦᠰᠬᠡᠬᠦᠯᠵᠦ᠂ ᠠᠪᠤ ᠡᠵᠢ ᠬᠡᠣᠬᠡᠳ ᠲᠦᠷᠪᠡ ᠶᠢ ᠳᠠᠭᠠᠬᠦᠢ ᠪᠠᠶᠢᠳᠠᠯ ᠳᠤ ᠣᠷᠣᠭᠤᠯᠣᠭᠰᠠᠨ ᠳᠠᠭᠠᠨ ᠡᠪ ᠦᠭᠡᠶᠢᠷᠡᠯ᠎ᠡ᠃ ᠳᠡᠳᠡᠨ ᠤ ᠦᠬᠡᠯᠡᠵᠦ ᠲᠠᠶᠢᠪᠣᠰᠢᠷᠠᠭᠰᠠᠨ ᠬᠤᠶᠢᠨ᠎ᠠ ᠪᠢ᠄ ︽ᠵᠠ᠂ ᠶᠠᠭᠠᠬᠢᠬᠤ ᠪᠣᠢ᠂ ᠬᠡᠣᠬᠡᠳ ᠶᠣᠮ ᠴᠢᠨᠢ᠃ ᠨᠠᠮᠠᠢᠢ ᠦᠵᠡᠬᠡᠳ ᠡᠷᠬᠡᠯᠡᠵᠦ ᠪᠠᠶᠢᠭ᠎ᠠ ᠪᠠᠶᠢᠯᠬᠦᠢ᠃ ᠣᠳᠣ ᠴᠢᠨᠢ ᠠᠮᠢᠳᠣᠷᠠᠯ ᠰᠠᠶᠢᠵᠢᠷᠠᠭᠰᠠᠨ ᠡ᠂ ᠠᠶᠢᠯ ᠤᠨ ᠭᠠᠭᠴᠠ ᠬᠤᠶᠠᠷ ᠶᠣᠮ ᠴᠢᠨᠢ᠂ ᠪᠠᠰᠠ ᠪᠡᠶ᠎ᠡ ᠪᠡᠶ᠎ᠡ ᠲᠠᠢ ᠪᠠᠨ ᠠᠳᠠᠯᠢᠳᠬᠠᠯ ᠦᠭᠡᠢ ᠶᠠᠭᠠᠬᠢᠬᠤ ᠪᠣᠢ᠂ ᠲᠠᠷᠠᠭ᠎ᠠ ᠡᠪᠳᠡᠢ ᠬᠡᠯᠡᠬᠦ ᠦᠭᠡᠢ ᠦᠦ︖︾ ᠬᠡᠵᠦ ᠰᠡᠳᠬᠢᠯ ᠢ ᠨᠢ ᠵᠠᠰᠠᠭᠰᠠᠨ ᠴᠦ ᠦᠪᠡᠷ ᠢᠶᠠᠨ ᠬᠠᠷᠢᠨ ᠵᠠᠩᠬᠢᠷᠠᠭᠠᠳ ᠶᠠᠪᠣᠴᠢᠬᠠᠯ᠎ᠠ᠃      ᠡᠳᠡᠨ ᠤ ᠬᠢ ᠠᠴᠠ ᠭᠠᠷᠬᠤ ᠳᠠᠭᠠᠨ ᠬᠤᠶᠠᠷ ᠬᠡᠦᠬᠡᠳ ᠲᠤ ᠭᠠᠷ ᠪᠡᠯᠡᠭ ᠪᠠᠷᠢᠶ᠎ᠠ ᠬᠡᠳ ᠡᠪᠣᠷᠳᠣᠯᠠᠵᠦ ᠣᠴᠢᠭᠰᠠᠨ ᠵᠠᠭᠤ ᠵᠠᠭᠤᠨ ᠲᠦᠬᠦᠷᠢᠭ ᠢᠶᠠᠨ ᠦᠭᠴᠦ ᠴᠢᠳᠠᠯ ᠦᠭᠡᠢ ᠪᠤᠴᠠᠪᠠ᠃ ᠬᠠᠷᠢᠬᠤ ᠵᠠᠮ ᠳᠤ᠂ ᠬᠠᠪᠣᠷ ᠤᠨ ᠭᠠᠴᠢᠭ ᠴᠠᠭ ᠡᠵᠢ ᠮᠢᠨᠢ ᠨᠠᠮᠠᠢᠢ ᠰᠣᠷᠭᠠᠭᠤᠯᠢ ᠳᠤ ᠶᠠᠪᠣᠭᠤᠯᠬᠤ ᠬᠡᠳ ᠬᠤᠳᠠᠨ ᠤ ᠠᠶᠢᠯ ᠤᠳ ᠠᠴᠠ ᠵᠣᠭᠤᠰ ᠵᠢᠬᠡᠯᠡᠵᠦ ᠪᠠᠶᠢᠭᠰᠠᠨ᠂ ᠨᠢᠭᠤᠷ ᠢᠶᠠᠨ ᠰᠢᠷᠢᠯᠡᠵᠦ ᠪᠠᠶᠢᠭᠠᠳ ᠵᠢᠬᠡᠯᠡᠵᠦ ᠣᠯᠣᠭᠰᠠᠨ ᠵᠠᠭᠤᠨ ᠲᠦᠬᠦᠷᠢᠭ ᠢᠶᠠᠨ ᠪᠦᠬᠦᠳᠡ ᠶᠢ ᠨᠠᠳᠠ ᠦᠭᠴᠦ ᠪᠠᠶᠢᠭᠰᠠᠨ ᠣᠴᠢᠷ ᠪᠣᠳᠣᠭᠳᠠᠵᠦ ᠨᠢᠳᠦᠨ᠎ᠡ ᠵᠠᠶᠢᠷ ᠬᠦᠶᠦᠪᠡ᠃ ᠦᠩᠬᠡᠷᠡᠬᠦᠯᠥᠭᠰᠡᠨ ᠬᠡᠴᠡᠬᠦᠣ ᠠᠮᠢᠳᠣᠷᠠᠯ ᠥᠨᠥᠳᠥᠷ ᠤᠨ ᠲᠣᠬᠢᠶᠠᠯᠳᠣᠯ ᠢᠶᠠᠷ ᠲᠠᠪᠳᠠᠭᠳᠠᠬᠤ ᠪᠠᠷ ᠡᠷᠬᠢᠵᠦ ᠣᠴᠢᠭᠠᠳ ︽ᠠᠪᠤ ᠡᠵᠢ ᠶᠢᠨ ᠢᠶᠠᠨ ᠦᠭᠬᠦᠭᠰᠡᠨ ᠪᠡᠯᠡᠭ ᠢ ᠪᠠᠭ᠎ᠠ ᠬᠡᠵᠦ ᠴᠢᠮᠠᠯᠠᠯ ᠦᠭᠡᠢ ᠴᠢᠩᠭ᠎ᠠ ᠠᠳᠬᠤᠭᠠᠷᠠᠢ︕︾ ᠬᠡᠵᠦ ᠬᠡᠯᠡᠴᠢᠬᠡᠮᠡᠷ ᠰᠠᠨᠠᠭᠳᠠᠯ᠎ᠠ᠃      ᠶᠡᠷᠡᠬᠡᠳ ᠣᠨ ᠤ ᠡᠬᠢ ᠪᠠᠷ ᠠᠪᠤ ᠡᠵᠢ ᠮᠢᠨᠢ ᠰᠣᠮᠣᠨ ᠤ ᠰᠣᠷᠭᠠᠭᠤᠯᠢ ᠳᠤ ᠰᠣᠷᠳᠠᠭ ᠡᠬᠡᠴᠢ ᠲᠡᠬᠦᠣ ᠪᠢᠳᠡ ᠭᠤᠷᠪᠠ ᠶᠢ ᠬᠠᠭᠠᠰ ᠰᠠᠷ᠎ᠠ ᠪᠣᠶᠣ ᠪᠦᠳᠦᠨ ᠰᠠᠷ᠎ᠠ ᠪᠣᠯᠣᠭᠠᠳ ᠰᠠᠶ᠋ᠢ ᠨᠢᠬᠡ ᠡᠷᠬᠢᠳᠡᠭ᠃ ᠮᠣᠷᠢ ᠲᠠᠢ ᠢᠷᠡᠬᠦ ᠲᠣᠬᠢᠶᠠᠯᠳᠣᠯ ᠣᠯᠠᠨ ᠲᠣᠯᠠ ᠲᠠᠯᠢᠩ ᠳᠠᠭᠠᠨ ᠬᠠᠭᠠᠷᠢᠭᠰᠠᠨ ᠪᠣᠭᠤᠷᠰᠤᠭ ᠲᠡᠷᠢᠬᠦᠳᠡᠢ ᠬᠦᠨᠡᠰᠦ ᠭᠠᠨᠵᠣᠭᠠᠯᠠᠵᠦ ᠢᠷᠡᠨ᠎ᠡ᠃ ᠲᠡᠷᠡ ᠨᠢ ᠬᠠᠮᠤᠭ ᠤᠨ ᠠᠮᠳᠠᠳᠠᠢ᠂ ᠬᠠᠮᠤᠭ ᠤᠨ ᠲᠦᠬᠡᠮᠡᠯ ᠬᠦᠨᠡᠰᠦ ᠶᠣᠮ᠃ ᠲᠡᠷᠡ ᠦᠶ᠎ᠡ ᠳᠤ ᠢᠳᠡᠬᠦ ᠶᠠᠭᠤᠮ᠎ᠠ ᠬᠤᠪᠣᠷ ᠪᠣᠯᠬᠤᠷ ᠭᠡᠷ ᠠᠴᠠ ᠬᠦᠨᠡᠰᠦ ᠢᠷᠡᠭᠰᠡᠭᠡᠷ ᠯᠡ ᠮᠣᠳᠣᠨ ᠬᠠᠶᠢᠷᠴᠠᠭ ᠲᠠᠭᠠᠨ ᠬᠢᠬᠡᠳ ᠣᠨᠢᠰᠣᠯᠠᠴᠢᠬᠠᠳᠠᠭ ᠪᠠᠶᠢᠪᠠ᠃ ᠬᠠᠳᠠᠭᠠᠯᠠᠵᠦ ᠢᠳᠡᠬᠦ ᠵᠢᠭᠠᠬᠠᠨ ᠣᠬᠠᠭᠠᠨ ᠯᠡ ᠪᠠᠶᠢᠬᠤ ᠦᠭᠡᠢ ᠦᠦ᠂ ᠬᠦᠬᠡᠷᠦᠬᠦᠢ᠃ ᠬᠤᠨᠢ ᠢᠮᠠᠭᠠᠨ ᠤ ᠪᠠᠨ ᠨᠣᠣᠰᠣ ᠨᠣᠣᠯᠣᠭᠤᠷ ᠢ ᠬᠤᠳᠠᠯᠳᠣᠴᠢᠬᠠᠭᠰᠠᠨ ᠪᠣᠯ ᠬᠠᠷᠠᠨᠳᠠ ᠪᠠᠯᠠᠯᠤᠭᠤᠷ ᠠᠪᠬᠤ ᠭᠠᠷ ᠦᠵᠦᠬᠦᠷ ᠤᠨ ᠵᠣᠭᠤᠰ ᠭᠡᠳ ᠲᠠᠪᠤ ᠭᠤᠷᠪᠠᠨ ᠲᠦᠬᠦᠷᠢᠭ ᠠᠳᠬᠤᠭᠤᠯᠣᠨ᠎ᠠ᠃ ᠬᠤᠶᠢᠨ᠎ᠠ ᠠᠴᠠ ᠨᠢ ᠪᠠᠰᠠ ︽ᠮᠦᠩᠬᠦ ᠪᠠᠨ ᠭᠠᠮᠳᠠᠢ ᠬᠡᠷᠡᠭᠯᠡᠬᠡᠷᠡᠢ᠃ ᠣᠶᠢᠷ᠎ᠠ ᠶᠢᠨ ᠡᠳᠦᠷ ᠢᠷᠡᠵᠦ ᠲᠡᠶᠢᠯᠬᠦ ᠦᠭᠡᠢ ᠰᠢᠣ︾ ᠬᠡᠵᠦ ᠵᠠᠬᠢᠬᠤ ᠪᠠᠨ ᠮᠠᠷᠳᠠᠬᠤ ᠦᠭᠡᠢ᠃ ᠪᠢᠳᠡ ᠬᠡᠳᠦ ᠬᠤᠶᠠᠷ ᠠᠯᠠᠭ᠎ᠠ ᠪᠠᠨ ᠲᠡᠯᠬᠡᠵᠦ ᠰᠠᠶᠢᠬᠠᠨ ᠲᠣᠰᠴᠦ ᠠᠪᠣᠭᠠᠳ ᠠᠩᠭᠠᠶᠢᠳᠠᠯ᠎ᠠ ᠪᠠᠨ ᠪᠠᠶᠠᠷᠯᠠᠵᠦ᠂ ᠨᠢᠮᠪᠠᠶᠢᠯᠠᠨ ᠬᠠᠷᠮᠠᠯᠠᠳᠠᠭ᠃ ᠬᠡᠳᠦᠬᠦᠯᠡ ᠪᠠᠨ ᠶᠡᠭᠡ ᠪᠠᠭ᠎ᠠ ᠭᠡᠵᠦ ᠶᠡᠷᠦ ᠠᠴᠠ ᠴᠢᠮᠠᠯᠠᠵᠦ ᠪᠠᠶᠢᠭ᠎ᠠ ᠦᠭᠡᠢ ᠪᠦᠬᠡᠳ ᠲᠡᠬᠦᠨ ᠢ ᠪᠠᠨ ᠪᠠᠷᠣᠭᠳᠠᠢ ᠳᠤ ᠬᠡᠷᠡᠭᠯᠡᠬᠦ ᠦᠭᠡᠢ᠃ ᠠᠮᠠᠷᠠᠯᠳᠠ ᠪᠣᠯᠬᠤ ᠪᠠᠷ ᠦᠯᠡᠳᠡᠭᠰᠡᠨ ᠮᠦᠩᠬᠦ ᠪᠠᠨ ᠨᠡᠶᠢᠯᠡᠬᠦᠯᠵᠦ ᠠᠪᠤ ᠳᠠᠭᠠᠨ ︽ᠲᠠᠯ᠎ᠠ ᠶᠢᠨ ᠬᠠᠷ᠎ᠠ︾᠂ ᠡᠵᠢ ᠳᠡᠭᠡᠨ ᠬᠤᠶᠠᠷ ᠭᠤᠷᠪᠠᠨ ᠵᠢᠩ ᠠᠮᠳᠠᠳᠠᠢ ᠪᠣᠭᠤᠷᠰᠤᠭ ᠠᠪᠬᠤ ᠪᠠᠨ ᠶᠡᠷᠦ ᠠᠨᠳᠠᠳᠠᠭ ᠦᠭᠡᠢ᠃ ᠬᠡᠣᠬᠡᠳ ᠤᠨ ᠣᠬᠠᠭᠠᠨ ᠭᠡᠵᠦ ᠬᠡᠷᠡᠭ ᠪᠠᠶᠢᠵᠦ ᠳ᠋ᠠ᠃       ᠥᠨᠥᠳᠥᠷ ᠬᠡᠣᠬᠡᠳ ᠲᠡᠬᠦᠣ ᠨᠡᠷ ᠮᠢᠨᠢ ᠢᠳᠡᠵᠦ ᠣᠣᠭᠤᠬᠤ᠂ ᠡᠮᠦᠰᠴᠦ ᠵᠡᠬᠦᠬᠦ ᠪᠠᠷ ᠲᠣᠳᠠᠬᠤ ᠦᠭᠡᠢ ᠮᠦᠷᠳᠡᠬᠡᠨ ᠰᠠᠶᠢᠨ ᠢ ᠢᠳᠡᠵᠦ ᠰᠠᠶᠢᠬᠠᠨ ᠢ ᠡᠳ᠋ᠯᠡᠵᠦ ᠪᠠᠶᠢᠨ᠎ᠠ᠃ ᠡᠬᠦᠨ ᠢ ᠪᠣᠷᠣᠭᠤ ᠬᠡᠬᠦ ᠨᠢ ᠴᠦ ᠶᠠᠭᠤ ᠶᠣᠮ ᠳ᠋ᠠ᠃ ᠬᠠᠷᠢᠨ ᠢᠩᠬᠢᠵᠦ ᠠᠵᠠ ᠵᠢᠷᠭᠠᠯ ᠲᠠᠢ ᠪᠠᠶᠢᠬᠤ ᠳᠤ ︽ᠠᠰᠠᠬᠠᠠᠰᠠᠨ ᠪᠣᠳᠠᠭ᠎ᠠ ᠶᠢ ᠲᠡᠬᠦᠵᠦ ᠢᠳᠡᠬᠦᠯᠳᠡᠭ︾᠂ ︽ᠠᠶᠠᠭᠠᠨ ᠳᠤ ᠦᠯᠡᠳᠡᠭᠰᠡᠨ ᠬᠤᠭᠤᠯᠠ ᠶᠢ ᠲᠣᠯᠢᠶᠠᠯᠭᠠᠳᠠᠭ︾᠂ ︽ᠭᠠᠭᠴᠠ ᠮᠦᠬᠦᠯᠢᠭ ᠪᠣᠳᠠᠭ᠎ᠠ ᠲᠡᠭᠷᠢ ᠳᠤ ᠲᠡᠮᠡᠬᠡᠨ ᠴᠢᠨᠡᠬᠡᠨ ᠦᠵᠡᠭᠳᠡᠨ᠎ᠡ︾᠂ ︽ᠠᠰᠬᠠᠬᠤ ᠶᠢ ᠢᠷᠣᠭᠠᠷ ᠠᠴᠠ ᠨᠢ᠂ ᠠᠷᠪᠢᠯᠠᠬᠤ ᠶᠢ ᠠᠮᠠᠰᠠᠷ ᠠᠴᠠ ᠨᠢ︾ ᠬᠡᠭᠳᠡᠳᠡᠭ ᠠᠷᠪᠢᠯᠠᠵᠦ ᠭᠠᠮᠨᠠᠬᠤ ᠰᠣᠷᠭᠠᠯ ᠵᠢᠴᠢ ᠬᠠᠪᠠᠭᠠᠰᠣ ᠲᠠᠢ᠂ ᠨᠦᠬᠦᠬᠡᠰᠦ ᠲᠠᠢ ᠬᠤᠪᠴᠠᠰᠣ ᠡᠮᠦᠰᠴᠦ᠂ ᠲᠠᠭᠠᠷᠠᠵᠦ ᠪᠡᠬᠡᠷᠡᠵᠦ ᠥᠯᠥᠰᠴᠦ ᠦᠯᠪᠡᠷᠴᠦ ᠶᠠᠪᠣᠵᠦ ᠪᠠᠶᠢᠭᠰᠠᠨ ᠢᠶᠠᠨ ᠶᠠᠷᠢᠵᠦ ᠬᠠᠭᠤᠴᠢᠯᠠᠳᠠᠭ ᠡᠪᠣᠬᠡᠳ ᠤᠨ ᠶᠠᠷᠢᠶ᠎ᠠ ᠴᠦ ᠰᠡᠬᠦᠭᠳᠡᠬᠦ ᠦᠭᠡᠢ ᠪᠣᠯᠣᠭᠠᠳ ᠣᠨ ᠣᠳᠠᠭᠰᠠᠨ ᠰᠢᠭ᠋ ᠰᠠᠨᠠᠭᠳᠠᠬᠤ ᠶᠣᠮ᠃      ᠬᠦᠬᠡᠷᠦᠬᠦᠨ ᠲᠡᠬᠦᠣ ᠨᠡᠷ ᠡᠳᠦᠷ ᠡᠳᠦᠷ ︽ᠴᠠᠭᠠᠨ ᠰᠠᠷ᠎ᠠ ᠶᠢᠨ ᠪᠣᠶᠠᠨ︾ ᠡᠳ᠋ᠯᠡᠵᠦ᠂ ᠡᠩᠬᠡ ᠲᠠᠶᠢᠪᠣᠩ ᠭᠠᠵᠠᠷ ᠡᠷᠬᠢᠮ ᠵᠢᠷᠭᠠᠯ ᠲᠠᠢ ᠠᠵᠦ ᠲᠦᠷᠦᠵᠦ ᠪᠠᠶᠢᠨ᠎ᠠ᠂ ᠲᠡᠶᠢᠮᠦ ᠡ᠃ ᠲᠡᠬᠡᠬᠦ ᠳᠤ ᠬᠠᠭᠠᠨ ᠬᠠᠳᠣᠨ ᠤ ᠲᠠᠶᠢᠳᠠᠢ ᠵᠠᠶᠠᠭ᠎ᠠ ᠲᠡᠬᠡᠳᠦᠯᠡᠵᠦ ᠪᠠᠶᠢᠬᠤ ᠳᠤ ᠲᠦᠷᠪᠡᠨ ᠵᠦᠭ ᠨᠠᠶᠢᠮᠠᠨ ᠵᠣᠪᠬᠢᠰ ᠲᠤ ︽ᠥᠯᠥᠰᠬᠦ ᠶᠣᠰᠣ ᠦᠭᠡᠢ ᠴᠠᠭ ᠲᠤ ᠥᠯᠥᠰᠬᠦᠯᠡᠩ ᠡᠳ᠋ᠯᠡᠵᠦ᠂ ᠵᠣᠪᠠᠭ᠋ᠣ ᠶᠣᠰᠣ ᠦᠭᠡᠢ ᠴᠠᠭ ᠲᠤ ᠵᠣᠪᠠᠯᠠᠩ ᠡᠳ᠋ᠯᠡᠵᠦ ᠪᠠᠶᠢᠭ᠎ᠠ︾ ᠦᠶ᠎ᠡ ᠬᠤᠷᠠᠭ ᠤᠨ ᠬᠢᠨ ᠴᠢᠨᠢ ᠵᠦᠩᠳᠡᠬᠡᠨ ᠪᠠᠶᠢᠬᠤ ᠶᠢ ᠪᠣᠳᠣᠵᠦ ᠦᠵᠡᠪᠡ ᠦᠦ︖ ᠲᠡᠬᠦᠣ ᠨᠡᠷ ᠮᠢᠨᠢ᠃      ᠦᠨᠳᠦᠷ ᠠᠰᠠᠷ ᠲᠤ ᠲᠠᠭᠠᠷᠠᠵᠦ ᠪᠡᠬᠡᠷᠡᠯ ᠦᠭᠡᠢ ᠰᠠᠭᠤᠵᠦ ᠪᠠᠶᠢᠬᠤ ᠳᠠᠭᠠᠨ ᠦᠬᠡᠷ᠎ᠡ ᠲᠢᠪ ᠤᠨ ᠬᠡᠣᠬᠡᠳ ᠥᠯᠥᠰᠴᠦ ᠲᠣᠷᠠᠭᠠᠳ ᠬᠦᠳᠡᠯᠬᠦ ᠲᠠᠷ ᠦᠭᠡᠢ ᠪᠣᠯᠵᠦ ᠥᠨᠥ ᠮᠠᠷᠭᠠᠰᠢ ᠦᠭᠡᠢ ᠰᠢᠪᠠᠭᠤᠨ ᠤ ᠢᠳᠡᠰᠢ ᠪᠣᠯᠬᠤ ᠬᠡᠵᠦ ᠪᠠᠶᠢᠭ᠎ᠠ ᠳᠡᠷᠡ ᠬᠦ ᠰᠡᠬᠦᠳᠡᠷ ᠵᠢᠷᠤᠭ ᠢ ᠦᠵᠡᠭᠰᠡᠨ ᠪᠣᠯ ᠦᠦ︖ ᠲᠡᠬᠦᠣ ᠨᠡᠷ ᠮᠢᠨᠢ᠃      ᠦᠷᠬᠡᠨ ᠰᠢᠷᠡᠭᠡ ᠲᠦᠰᠢᠵᠦ ᠦᠨᠳᠦᠷ ᠰᠠᠨᠳᠠᠯᠢ ᠰᠡᠨᠳᠡᠶᠢᠯᠡᠵᠦ ᠵᠣᠯ ᠵᠢᠷᠭᠠᠯ ᠲᠠᠢ ᠰᠣᠷᠣᠯᠴᠠᠬᠤ ᠳᠠᠭᠠᠨ ᠨᠠᠷᠢᠨ ᠬᠦᠵᠦᠬᠦᠣ᠂ ᠯᠠᠨᠳᠣᠭᠠᠷ ᠲᠣᠯᠣᠭᠠᠢ᠂ ᠵᠣᠷᠭᠤᠭᠰᠠᠨ ᠬᠡᠮᠡᠷ ᠰᠢᠯᠪᠢ ᠴᠠᠷᠪᠠᠭᠤ᠂ ᠢᠷ ᠲᠠᠢ ᠭᠡᠮᠡᠷ ᠶᠣᠷᠳᠦ᠋ᠢᠭ᠌ᠰᠠᠨ ᠲᠠᠯᠣ ᠶᠢᠨ ᠶᠠᠰᠣ᠂ ᠬᠠᠭᠠᠰ ᠠᠨᠢᠭᠠᠰᠣᠳᠠᠢ ᠨᠢᠳᠦ᠁ ︽ᠡᠸ᠋ᠴᠢᠦ᠋ᠫᠢᠶ᠎ᠠ ᠶᠢᠨ ᠭᠠᠴᠢᠭ︾ ᠤᠨ ᠨᠢᠭᠤᠷ ᠴᠢᠷᠠᠢ ᠶᠢ ᠦᠵᠡᠭᠰᠡᠨ ᠬᠠᠷᠠᠭᠰᠠᠨ ᠶᠣᠮ ᠪᠢᠯᠡ ᠦᠦ︖ ᠲᠡᠬᠦᠣ ᠨᠡᠷ ᠮᠢᠨᠢ᠃      ᠦᠩᠬᠡᠳᠦ ᠠᠮᠢᠳᠣᠷᠠᠯ ᠳᠤ ᠲᠠᠰᠢᠭᠤᠷᠠᠵᠦ ᠪᠠᠶᠢᠬᠤ ᠳᠤ ᠦᠷᠬᠡᠨ ᠲᠡᠯᠡᠬᠡᠢ ᠳᠤ ᠭᠠᠯᠳᠣ ᠠᠭᠤᠯᠠᠨ ᠤ ᠲᠡᠯᠪᠡᠷᠡᠯᠳᠡ᠂ ᠲᠠᠯᠠᠢ ᠶᠢᠨ ᠴᠠᠯᠬᠢᠶ᠎ᠠ᠂ ᠰᠠᠯᠬᠢᠨ ᠬᠤᠢ᠂ ᠴᠠᠰᠣ ᠵᠣᠳ᠂ ᠭᠠᠩ ᠬᠠᠭᠰᠠᠷᠠᠭᠠᠨ᠂ ᠦᠶᠡᠷ ᠣᠰᠣᠳᠣᠯ᠂ ᠲᠠᠶᠢᠨ ᠲᠠᠵᠢᠨ᠂ ᠭᠠᠯ ᠲᠦᠢᠮᠡᠷ ᠤᠨ ᠭᠠᠢ ᠭᠠᠮᠰᠢᠭ ᠲᠤ ᠦᠪᠡᠷ ᠲᠠᠢ ᠴᠢᠨᠢ ᠠᠳᠠᠯᠢ ᠦᠢ ᠲᠦᠮᠡᠨ ᠬᠡᠣᠬᠡᠳ ᠥᠨᠥ ᠮᠠᠷᠭᠠᠰᠢ ᠭᠡᠵᠦ ᠦᠯᠥᠰᠬᠦᠯᠡᠩ ᠤᠨ ᠲᠠᠪᠠᠭᠠᠨ ᠳᠤ᠂ ᠦᠬᠦᠯ ᠤᠨ ᠲᠠᠪᠠᠭᠠᠨ ᠳᠤ ᠲᠡᠯᠴᠢᠯᠡᠵᠦ ᠪᠠᠶᠢᠬᠤ ᠶᠢ ᠪᠣᠳᠣᠵᠦ ᠣᠯᠪᠠ ᠦᠦ︖ ᠲᠡᠬᠦᠣ ᠨᠠᠷ ᠮᠢᠨᠢ᠃      ᠥᠨᠥᠳᠥᠷ ᠲᠡᠬᠦᠣ ᠨᠡᠷ ᠬᠦᠰᠡᠯ ᠢᠳᠡᠬᠡᠯ ᠪᠢᠯᠬᠠᠷᠠᠭᠰᠠᠨ ᠬᠦᠮᠦᠨ ᠤ ᠰᠠᠶᠢᠬᠠᠨ ᠬᠤᠷᠸ᠎ᠠ ᠳᠤ ᠡᠵᠢ ᠠᠪᠤ᠂ ᠡᠯᠢᠬᠡᠨ ᠲᠦᠮᠡᠨ ᠤ ᠬᠢ ᠬᠠᠶᠢᠷ᠎ᠠ ᠪᠠᠷ ᠡᠩᠬᠡᠵᠢᠨ ᠪᠤᠶᠢᠵᠢᠵᠦ ᠪᠠᠶᠢᠨ᠎ᠠ᠃ ᠦᠪᠡᠷ ᠢᠶᠠᠨ ᠡᠶᠢᠮᠦ ᠪᠠᠶᠠᠨ ᠲᠠᠩᠰᠤᠭ᠂ ᠡᠯᠪᠡᠭ ᠵᠢᠷᠭᠠᠯ ᠲᠠᠢ ᠠᠮᠢᠳᠣᠷᠠᠵᠦ ᠪᠠᠶᠢᠭ᠎ᠠ ᠦᠶ᠎ᠡ ᠳᠤ ᠴᠢᠨᠢ ᠦᠷᠦᠬᠡᠯ ᠪᠣᠰᠣᠳ ᠪᠠᠰᠠ ᠵᠣᠪᠠᠵᠦ ᠪᠠᠶᠢᠵᠦ ᠮᠠᠭᠠᠳ ᠦᠬᠡᠢ ᠬᠡᠳᠡᠭ ᠢ ᠰᠠᠨᠠᠭᠠᠷᠠᠢ᠃ ᠡᠳᠦᠷ ᠪᠦᠷᠢ ᠬᠠᠭᠠᠨ ᠵᠢᠷᠭᠠᠯ ᠡᠳ᠋ᠯᠡᠵᠦ ᠬᠠᠳᠣᠨ ᠵᠠᠶᠠᠭ᠎ᠠ ᠲᠡᠬᠡᠳᠦᠯᠡᠵᠦ ᠪᠠᠶᠢᠭ᠎ᠠ ᠴᠦ ᠬᠡᠯ᠎ᠡ ᠦᠯᠥᠰᠬᠦᠯᠡᠩ ᠨᠦᠢᠳᠠᠨ ᠦᠷᠦᠪᠳᠦᠯᠳᠡᠢ ᠨᠢᠬᠡᠨ ᠢ ᠪᠠᠨ ᠡᠷᠬᠦᠵᠦ ᠲᠡᠳᠬᠦᠵᠦ ᠶᠠᠪᠣᠬᠤ ᠪᠠᠨ ᠪᠣᠣ ᠮᠠᠷᠳᠠᠭᠠᠷᠠᠢ᠃ ︽ᠠᠶᠢᠯ ᠠᠶᠢᠮᠠᠭ ᠤᠨ ᠠᠮᠢ ᠨᠢ ᠨᠢᠬᠡ︾ ᠬᠡᠵᠦ ᠶᠠᠷᠢᠳᠠᠭ ᠶᠣᠮ ᠰᠢᠦ᠃      ᠵᠠᠭᠤᠨ ᠴᠡᠴᠡᠭᠡᠰ ᠠᠯᠠᠭᠯᠠᠭᠰᠠᠨ ᠵᠣᠨ ᠤ ᠲᠡᠯᠬᠡᠷ ᠵᠢᠷᠭᠤᠭᠠᠨ ᠰᠠᠷ᠎ᠠ ᠶᠢᠨ ᠨᠢᠬᠡᠨ ᠢᠶᠠᠨ ᠬᠡᠣᠬᠡᠳ ᠪᠦᠬᠦᠨ ᠣᠳᠬ᠎ᠠ ᠲᠡᠬᠦᠯᠳᠡᠷ ᠲᠡᠮᠳᠡᠭᠯᠡᠵᠦ᠂ ᠵᠠᠭᠤᠷᠡᠳᠠ ᠶᠢᠨ ᠪᠢᠰᠢ ᠡᠬᠦᠷᠢᠳᠡ ᠶᠢᠨ ᠵᠢᠷᠭᠠᠯ ᠢᠶᠠᠨ ᠬᠠᠶᠢᠷᠠᠯᠠᠵᠦ ᠬᠢᠮᠠᠭᠠᠳᠠᠵᠦ ᠶᠠᠪᠣᠭᠠᠷᠠᠢ᠂ ᠬᠡᠣᠬᠡᠳ ᠲᠡᠬᠦᠣ ᠨᠡᠷ ᠮᠢᠨᠢ᠂ ᠠᠰᠣᠷᠣ ᠶᠡᠭᠡ ᠦᠨ᠎ᠡ ᠪᠠᠷ ᠣᠯᠵᠦ ᠢᠷᠡᠭᠰᠡᠨ ᠠᠵᠠ ᠵᠢᠷᠭᠠᠯ ᠤᠨ ᠠᠷᠣ ᠳᠤ ᠠᠮᠢ ᠨᠠᠰᠣ ᠪᠠᠷ ᠢᠶᠠᠨ ᠰᠣᠯᠢᠵᠦ ᠢᠷᠡᠭᠰᠡᠨ ᠦᠷᠡᠭᠳᠡᠯ ᠪᠠᠶᠢᠳᠠᠭ ᠶᠣᠮ ᠰᠢᠣ᠃ ᠠᠪᠤ ᠡᠵᠢ ᠠᠬᠠᠨ ᠲᠡᠬᠦᠣᠰ ᠤᠨ ᠢᠶᠠᠨ ᠦᠭᠬᠦᠭᠰᠡᠨ ᠪᠦᠬᠦᠨ ᠢ ᠦᠴᠦᠬᠡᠨ ᠬᠡᠯ ᠦᠭᠡᠢ ᠴᠢᠩᠭ᠎ᠠ ᠠᠳᠬᠤᠭᠠᠷᠠᠢ ᠭᠡᠵᠦ ᠨᠠᠶᠢᠳᠠᠭᠠᠳ ᠵᠠᠬᠢᠶ᠎ᠠ ᠪᠠᠨ ᠦᠨᠳᠦᠷᠯᠡᠬᠦᠯᠥᠶ᠎ᠡ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号