ᠪᠦᠰᠡᠭᠦᠢ ᠬᠦᠮᠦᠨ ᠢ ᠬᠠᠶᠢᠷᠠᠯᠠᠭᠠᠷᠠᠢ
ᠨᠡᠶᠢᠲᠡᠯᠡᠭᠰᠡᠨ ᠴᠠᠭ᠄
2019-05-07
             — ᠲᠡᠯᠡᠭᠡᠢ ᠶᠢᠨ ᠡᠮᠡᠭᠲᠡᠶᠢᠴᠤᠳ ᠤᠨ ᠪᠠᠶᠠᠷ ᠲᠤ ᠵᠤᠷᠢᠭᠤᠯᠪᠡ                                                                               ᠠ᠊᠂ ᠤᠳᠬᠤᠨᠪᠠᠶᠠᠷ     ᠬᠠᠷᠠᠬᠠᠨ ᠨᠢᠳᠤᠨ ᠳᠤ ᠨᠢ ᠭᠤᠨᠢᠭ ᠪᠦᠷᠭᠦᠯ ᠦᠭᠡᠢ ᠲᠤᠩᠭᠠᠯᠠᠭ ᠢᠶᠠᠷ ᠨᠢ ᠬᠠᠶᠢᠷᠠᠯᠠᠭᠠᠷᠠᠢ   ᠬᠠᠳᠠᠭᠤᠬᠠᠨ ᠬᠤᠷᠸ᠎ᠠ ᠳᠤ ᠵᠢᠷᠦᠭᠡ ᠶᠢ ᠨᠢ ᠬᠦᠨᠲᠡᠭᠡᠯ ᠦᠭᠡᠢ ᠵᠤᠷᠢᠮᠠᠭ ᠢᠶᠠᠷ ᠨᠢ ᠬᠠᠶᠢᠷᠠᠯᠠᠭᠠᠷᠠᠢ   ᠤᠷᠳᠤᠬᠠᠨ ᠬᠠᠷᠠᠬᠠᠨ ᠰᠤᠷᠮᠤᠤᠰᠦ ᠶᠢ ᠨᠢ ᠰᠡᠷᠪᠡᠯᠵᠡᠭᠦᠯᠵᠦ ᠲᠡᠭᠵᠢᠨ ᠢᠶᠠᠷ ᠨᠢ ᠬᠠᠶᠢᠷᠠᠯᠠᠭᠠᠷᠠᠢ   ᠤᠷᠢᠬᠠᠨ ᠲᠦᠯᠭᠡᠨ ᠠᠭᠠᠯᠢ ᠶᠢ ᠨᠢ ᠡᠩᠭᠦᠷᠡᠶᠢᠯᠡᠵᠦ ᠪᠤᠯᠪᠠᠷᠠᠶᠢᠬᠠᠨ ᠢᠶᠠᠷ ᠨᠢ ᠬᠠᠶᠢᠷᠠᠯᠠᠭᠠᠷᠠᠢ     ᠴᠡᠯᠮᠡᠭ ᠴᠡᠴᠡᠨ ᠤᠬᠠᠭᠠᠨ ᠢ ᠨᠢ ᠬᠦᠨᠳᠦᠯᠡᠵᠦ ᠦᠷᠦᠭᠡ ᠪᠠᠨ ᠬᠡᠶᠢᠭᠦᠯᠵᠦ ᠬᠠᠶᠢᠷᠠᠯᠠᠭᠠᠷᠠᠢ   ᠴᠢᠩ ᠵᠢᠷᠤᠮ ᠤᠨ ᠬᠠᠶᠢᠷ᠎ᠡ ᠶᠢ ᠨᠢ ᠰᠡᠪᠳᠡᠭᠡᠯ ᠦᠭᠡᠢ ᠪᠦᠲᠦᠨ ᠢᠶᠠᠷ ᠨᠢ ᠬᠠᠶᠢᠷᠠᠯᠠᠭᠠᠷᠠᠢ   ᠦᠷ᠎ᠡ ᠶᠢᠨ ᠪᠦᠦᠪᠡᠢ ᠠᠶᠠᠯᠭᠤ ᠶᠢ ᠨᠢ ᠨᠠᠨᠳᠢᠩᠨᠠᠵᠦ ᠢᠷᠠᠭᠤᠬᠠᠨ ᠢᠶᠠᠷ ᠨᠢ ᠬᠠᠶᠢᠷᠠᠯᠠᠭᠠᠷᠠᠢ   ᠦᠯᠡᠮᠵᠢ ᠶᠢᠨ ᠲᠠᠩᠰᠤᠭ ᠬᠠᠯᠠᠮᠵᠢ ᠶᠢ ᠨᠢ ᠲᠤᠰᠴᠦ ᠤᠷᠢᠶᠠᠯᠬᠠᠨ ᠢᠶᠠᠷ ᠨᠢ ᠬᠠᠶᠢᠷᠠᠯᠠᠭᠠᠷᠠᠢ     ᠬᠠᠶᠠᠯᠠᠭᠰᠡᠨ ᠬᠡᠵᠢᠭᠡ ᠪᠠᠨ ᠬᠠᠭᠤᠯᠤᠭᠰᠡᠨ ᠠᠴᠠ ᠨᠢ ᠬᠠᠨᠢ ᠪᠠᠨ ᠬᠢᠵᠦ ᠦᠮᠴᠢᠷᠭᠡᠵᠦ ᠬᠠᠶᠢᠷᠠᠯᠠᠭᠠᠷᠠᠢ   ᠬᠠᠳᠠᠭᠤᠬᠠᠨ ᠬᠤᠷᠸ᠎ᠠ ᠶᠢ ᠲᠤᠭᠤᠯᠬᠤ ᠠᠶᠠᠨ ᠳᠤ ᠠᠨᠲᠡ ᠪᠠᠨ ᠬᠢᠵᠦ ᠠᠮᠢᠨᠴᠢᠷᠬᠠᠵᠦ ᠬᠠᠶᠢᠷᠠᠯᠠᠭᠠᠷᠠᠢ   ᠵᠢᠳᠭᠦᠵᠦ ᠶᠠᠪᠤᠭ᠎ᠠ ᠰᠡᠳᠬᠢᠯ ᠳᠤ ᠨᠢ ᠢᠲᠡᠭᠡᠯ ᠦᠭᠴᠦ ᠡᠷᠴᠢᠯᠡᠵᠦ ᠬᠠᠶᠢᠷᠠᠯᠠᠭᠠᠷᠠᠢ   ᠵᠢᠭᠵᠢᠭᠡᠷ ᠨᠠᠰᠦ ᠲᠠᠢ ᠢᠵᠢ ᠪᠤᠯᠳᠠᠯ᠎ᠡ ᠨᠢ ᠲᠦᠰᠢᠭ ᠪᠤᠯᠵᠦ ᠮᠦᠩᠭᠡᠲᠡ ᠬᠠᠶᠢᠷᠠᠯᠠᠭᠠᠷᠠᠢ︕
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号