ᠤᠯᠠ ᠵᠤᠯᠠ ᠶᠢᠨ ᠤᠴᠢᠷ
ᠨᠡᠶᠢᠲᠡᠯᠡᠭᠰᠡᠨ ᠴᠠᠭ᠄
2019-05-28
                                       ᠠ᠊᠂ ᠰᠡᠩᠭᠡ      ᠡ᠊‍ᠵᠡᠭᠲᠠᠢ ᠶᠢᠨ ᠬᠦᠷᠴᠢᠬᠢᠨᠡᠭᠦᠯᠵᠦ ᠪᠠᠶᠢᠬᠰᠡᠨ ᠤᠬᠢᠶᠠᠭᠤᠷ ᠮᠠᠰᠢᠨ ᠡᠷᠬᠢᠯᠳᠤᠬᠦ ᠪᠠᠨ ᠪᠤᠯᠢᠵᠦ᠂ ᠬᠦᠦ ᠶᠢᠨ ᠵᠤᠭᠤᠬᠳᠠᠵᠦ ᠪᠠᠶᠢᠬᠰᠡᠨ ᠭᠠᠷ ᠤᠳᠠᠰᠤᠨ ᠤ ᠲᠤᠬᠢᠶ᠎ᠡ ᠨᠢ ᠲᠠᠰᠤᠷᠠᠵᠦ᠂ ᠮᠢᠨᠦ ᠲᠤᠷᠴᠢᠬᠢᠨᠠᠭᠤᠯᠵᠦ ᠪᠠᠶᠢᠬᠰᠡᠨ ᠺᠤᠮᠫᠢᠦ᠋ᠲ᠋ᠧᠷ ᠨᠢᠭᠡᠯᠡ ᠬᠠᠷᠠᠯᠠᠭᠠᠳ ᠪᠢᠲᠡ ᠭᠤᠷᠪᠠᠭᠤᠯᠠ ᠴᠠᠬᠢᠯᠭᠠᠨ ᠵᠤᠬᠰᠤᠭᠰᠡᠨ ᠢ ᠵᠡᠷᠭᠡ ᠪᠠᠷ ᠰᠡᠷᠡᠵᠦ ᠮᠡᠲᠡᠪᠡ᠃      ᠡᠵᠡᠭᠲᠠᠢ ᠬᠡᠨ ᠠᠴᠠ ᠴᠦ ᠡᠮᠦᠨ᠎ᠡ᠄ ︽ᠡᠨᠡ ᠴᠠᠬᠢᠯᠭᠠᠨ ᠶᠠᠭᠠᠬᠢᠴᠢᠬᠠᠪᠡ︖ ᠨᠢᠭᠡ ᠬᠡᠳᠤᠨ ᠮᠢᠨᠦ᠋ᠲ ᠪᠠᠶᠢᠬᠰᠡᠨ ᠪᠤᠯ ᠡ︕ ᠤᠳᠤ ᠭᠠᠷ ᠤᠷᠤᠬᠤ ᠯᠡ ᠬᠡᠷᠡᠭᠲᠠᠢ ᠪᠤᠯᠵᠠᠢ︾ ᠭᠡᠵᠦ ᠤᠬᠢᠶᠠᠭᠤᠷ ᠤᠨ ᠠᠮᠠᠰᠠᠷ ᠨᠡᠭᠡᠭᠡᠯᠭᠡ ᠶᠢ ᠨᠢ ︽ᠫᠠᠰ ᠲᠡᠰ︾ ᠠᠯᠠᠭᠠᠳᠠᠨ ᠡᠰᠡᠷᠭᠦᠴᠡᠯ ᠢᠶᠠᠨ ᠢᠯᠡᠷᠭᠡᠶᠢᠯᠡᠨ᠎ᠡ᠃ ᠬᠦᠦ ᠬᠦᠶᠦᠨ ᠭᠠᠷᠴᠦ ᠠᠶᠢᠯ ᠤᠨ ᠲᠤᠮᠳᠠᠬᠢ ᠬᠦᠴᠦᠲᠡᠯ ᠦᠭᠡᠷᠡᠴᠢᠯᠡᠭᠴᠢ ᠵᠦᠭ ᠠᠵᠢᠬᠯᠠᠨ᠎ᠡ᠃ ᠪᠢ ᠭᠡᠷ ᠲᠤᠳᠤᠷᠡᠬᠢ ᠴᠠᠬᠢᠯᠭᠠᠨ ᠨᠡᠭᠡᠭᠡᠯᠭᠡ ᠡᠨᠡ ᠲᠠᠷᠡ ᠶᠢ ᠪᠠᠶᠢᠴᠠᠭᠠᠬᠤ ᠳᠤ ᠲᠡᠮᠡᠢ ᠬᠡᠮᠳᠤᠯ ᠦᠭᠡᠢ ᠲᠤᠯᠡ ᠵᠡᠷᠭᠡᠯᠡᠲᠡᠭᠡ ᠠᠶᠢᠯ ᠠᠴᠠ ᠯᠡᠪᠯᠠᠬᠤ ᠳᠤ ᠮᠦᠨ ᠠᠳᠠᠯᠢᠬᠠᠨ ᠴᠠᠬᠢᠯᠭᠠᠨ ᠵᠤᠬᠰᠤᠭᠰᠡᠨ ᠶᠤᠮ ᠬᠡᠨ᠎ᠡ᠃ ᠮᠢᠨᠦ ᠬᠡᠳᠤᠨ ᠴᠠᠭ ᠪᠢᠴᠢᠭᠰᠡᠨ ᠶᠠᠭᠤᠮ᠎ᠡ ᠬᠠᠳᠠᠭᠠᠯᠠᠵᠦ ᠠᠮᠵᠢᠬᠰᠡᠨ ᠦᠭᠡᠢ ᠰᠠᠯᠬᠢᠨ ᠳᠤ ᠬᠡᠶᠢᠰᠦᠭᠰᠡᠨ ᠶᠤᠮ ᠰᠢᠭ᠋ ᠠᠷᠢᠯᠦᠬᠰᠡᠨ ᠳᠤ ᠪᠠᠭ᠋ᠠᠨ ᠬᠠᠷᠠᠮᠰᠡᠪᠡ᠂ ᠡᠨᠡ ᠬᠠᠷᠠᠮᠰᠠᠯ ᠢ ᠬᠡᠨ ᠠᠴᠠ ᠨᠡᠭᠡᠨ᠎ᠡ ᠳ᠋ᠠ᠃ ᠬᠡᠲᠦᠷᠡᠪᠡᠯ ᠴᠠᠬᠢᠯᠭᠠᠨ ᠠᠵᠢᠯᠲᠡᠨ ᠳᠤ ᠤᠳᠠᠰᠦ ᠠᠪᠬᠤ ᠲᠡᠳᠤᠢ᠂ ᠬᠡᠪᠡᠴᠦ ᠭᠠᠭᠴᠡ ᠮᠠᠨᠠᠶᠢᠬᠢᠨ ᠪᠢᠰᠢ ᠪᠦᠬᠦ ᠠᠶᠢᠯ᠂ ᠴᠢᠨᠠᠬᠰᠢᠯᠡᠪᠡᠯ ᠪᠦᠬᠦ ᠰᠤᠮᠤ ᠴᠦ ᠪᠠᠶᠢᠵᠦ ᠮᠡᠲᠡᠨ᠎ᠡ᠃ ᠡᠨᠡ ᠦᠶ᠎ᠡ ᠳᠤ ᠴᠠᠬᠢᠯᠭᠠᠨ ᠠᠵᠢᠯᠲᠡᠨ ᠤ ᠭᠠᠷ ᠤᠳᠠᠰᠦ ᠵᠠᠢ ᠦᠭᠡᠢ ᠲᠠᠷᠴᠢᠬᠢᠨᠠᠨ ᠪᠠᠶᠢᠬᠤ ᠨᠢ ᠮᠡᠲᠡᠭᠡᠵᠢ᠃ ᠬᠦᠦ ᠮᠢᠨᠢ ᠭᠠᠷ ᠤᠳᠠᠰᠦ ᠪᠠᠷ ᠶᠠᠭᠤ ᠪᠠᠨ ︽ᠪᠦᠲᠦᠭᠡᠵᠦ︾ ᠪᠠᠶᠢᠭᠰᠡᠨ  ᠢ ᠪᠤᠤ ᠮᠡᠲᠡ᠂ ᠨᠡᠮ᠎ᠡ ᠶᠢ ᠴᠠᠬᠢᠯᠭᠠᠨ ᠠᠵᠢᠯᠲᠡᠨ ᠳᠤ ᠤᠳᠠᠰᠦ ᠠᠪᠬᠤ ᠶᠢ ᠪᠠᠶᠢᠨ ᠲᠠᠬᠢᠨ ᠰᠠᠨᠠᠭᠤᠯᠤᠨ᠎ᠡ᠃ ᠪᠢ ᠤᠳᠠᠰᠦ ᠠᠪᠤᠭᠰᠡᠨ ᠦᠭᠡᠢ ᠤᠷᠤ ᠪᠠᠨ ᠲᠦᠰᠢᠨ ᠬᠠᠵᠠᠭᠤᠯᠪᠡ᠃ ᠡᠵᠡᠭᠲᠠᠢ ᠭᠠᠳᠠᠨ᠎ᠡ ᠲᠠᠰᠤᠯᠭᠠᠨ ᠠᠴᠠ ᠬᠦᠦ ᠳᠤ ᠬᠠᠨᠳᠤᠵᠦ᠄ ︽ᠦᠩᠭᠡᠷᠡᠭᠰᠡᠨ ᠳᠤ ᠴᠠᠬᠢᠯᠭᠠᠨ ᠦᠭᠡᠢ ᠪᠠᠷ ᠪᠦᠷ ᠪᠤᠯᠵᠦ ᠪᠠᠶᠢᠬᠰᠡᠨ ᠶᠤᠮ᠂ ᠴᠠᠬᠢᠯᠭᠠᠨ ᠲᠦᠷ ᠵᠤᠬᠰᠤᠬᠤ ᠳᠤ ᠶᠠᠭᠠᠬᠢᠳᠠᠭ ᠶᠤᠮ︕︾ ᠭᠡᠵᠦ ᠠᠩᠬᠠᠨ ᠤ ᠤᠨᠳᠤᠭᠤᠴᠠᠯ ᠨᠢ ᠬᠤᠷᠤᠮᠬᠠᠨ ᠠᠷᠢᠯᠵᠦ ᠤᠬᠢᠶᠠᠭᠤᠷ ᠮᠠᠰᠢᠨ ᠠᠴᠠ ᠬᠤᠪᠴᠠᠰᠦ ᠬᠤᠨᠠᠷ ᠢᠶᠠᠨ ᠨᠢᠭᠡ ᠨᠢᠭᠡ ᠪᠠᠷ ᠠᠭᠠᠵᠢᠮᠬᠠᠨ ᠰᠢᠪᠬᠠᠵᠦ ᠰᠤᠯᠠ ᠰᠠᠪᠠᠨ ᠳᠤ ᠶᠠᠭᠦᠯᠡᠨ᠎ᠡ᠃ ᠬᠦᠦ ᠭᠠᠷ ᠣᠳᠠᠰᠦ ᠪᠠᠨ ᠬᠠᠶᠢᠩᠭᠤ ᠢᠯᠢᠵᠦ ᠲᠠᠷᠤᠯᠬᠢᠯᠠᠵᠦ ᠪᠠᠷᠢᠭᠰᠡᠨ ᠢᠶᠠᠨ ᠨᠠᠭᠠᠨ᠎ᠡ ᠪᠠᠨ ᠤᠷᠬᠢᠵᠦ᠄ ︽ᠴᠠᠬᠢᠯᠭᠠᠨ ᠦᠭᠡᠢ ᠦᠨᠡᠨ ᠠᠮᠦᠷ ᠦᠭᠡᠢ︕︾ ᠭᠡᠳ ᠪᠤᠷᠤᠭᠤ ᠬᠠᠨᠳᠤᠨ ᠲᠦᠳᠤᠨᠡᠵᠦ ᠪᠠᠶᠢᠬᠰᠡᠨ ᠢᠶᠠᠨ ᠡᠪᠰᠢᠶᠠᠵᠦ ᠡᠬᠢᠯᠡᠪᠡ᠃ ᠨᠤᠶᠢᠷ ᠠᠪᠬᠤ ᠨᠢ ᠳ᠋ᠠ᠃ ᠪᠢ ᠪᠢᠴᠢᠵᠦ ᠪᠠᠶᠢᠬᠰᠡᠨ ᠵᠤᠬᠢᠶᠠᠯ ᠢᠶᠠᠨ ᠰᠡᠳᠬᠢᠮᠵᠢᠯᠠᠨ ᠬᠡᠪᠳᠡᠬᠦ ᠳᠤ ᠡᠵᠡᠭᠲᠠᠢ ᠶᠢᠨ ᠬᠡᠯᠡᠭᠰᠡᠨ᠄ ︽ᠴᠠᠬᠢᠯᠭᠠᠨ ᠦᠭᠡᠢ ᠪᠤᠯᠵᠦ ᠯᠡ ᠪᠠᠶᠢᠬᠰᠡᠨ ᠰᠢᠲᠡ︾ ᠬᠡᠰᠡᠨ ᠦᠭᠡ ᠪᠡ ᠬᠦᠦ ᠶᠢᠨ ︽ᠴᠠᠬᠢᠯᠭᠠᠨ ᠦᠭᠡᠢ ᠦᠨᠡᠨ ᠠᠮᠦᠷ ᠦᠭᠡᠢ︾ ᠭᠡᠭᠦ ᠦᠭᠡ ᠪᠤᠳᠤᠯ ᠳᠤ ᠡᠭᠡᠯᠵᠢᠯᠠᠨ ᠰᠤᠯᠪᠢᠯᠴᠠᠵᠦ᠂ ᠬᠡᠯᠡᠪᠡᠴᠦ ᠬᠤᠶᠠᠭᠤᠯᠡ ᠪᠠᠨ ᠪᠦᠷ ᠴᠠᠭ ᠦᠶ᠎ᠡ ᠶᠢᠨ ᠵᠦᠪ ᠦᠭᠡ ᠶᠤᠮ ᠰᠢᠭ᠋ ᠰᠠᠨᠠᠬᠲᠡᠨ ᠦᠩᠭᠡᠷᠡᠭᠰᠡᠨ ᠴᠠᠭ ᠤᠨ ᠦᠯᠢᠭᠡᠷ ᠤᠨ ᠤᠴᠢᠭ ᠪᠤᠳᠤᠯ ᠳᠤ ᠰᠦᠪᠡᠯᠡᠭᠲᠡᠨ᠎ᠡ᠃      ᠪᠤᠰᠤᠳ ᠭᠠᠵᠠᠷ ᠲᠠᠢ ᠬᠠᠷᠢᠴᠠᠭᠤᠯᠪᠡᠯ ᠮᠠᠨ ᠤ ᠠᠶᠢᠯ ᠳᠤ ᠲᠤᠩ ᠬᠤᠵᠢᠳ ᠴᠠᠬᠢᠯᠭᠠᠨ ᠨᠡᠪᠲᠡᠷᠡᠭᠰᠡᠨ ᠶᠤᠮ᠃ ᠦᠭᠡᠷᠡᠴᠢᠯᠡᠯᠲᠡ ᠶᠢᠨ ᠡᠷᠴᠢᠨ ᠲᠡᠭᠡᠷ᠎ᠡ ᠨᠢᠭᠡᠳᠤᠯ ᠤᠨ ᠲᠦᠪ ᠤᠨ ᠰᠠᠭᠤᠷᠢᠰᠢᠯ ᠠᠶᠢᠯ ᠤᠳ ᠲᠤ ᠴᠠᠬᠢᠯᠭᠠᠨ ᠢᠷᠡᠵᠦ᠂ ᠠᠶᠢᠯ ᠠᠶᠢᠯ ᠤᠨ ᠰᠠᠷᠡᠪᠴᠢᠨ ᠲᠤᠤᠭᠤᠷ ᠵᠡᠷᠭᠡᠴᠡᠭᠡ ᠭᠤᠮ ᠤᠳᠠᠰᠦ ᠡᠯᠭᠦᠭᠲᠡᠵᠦ ᠦᠳᠡᠰᠢ ᠪᠤᠯᠤᠭᠰᠠᠭᠠᠷ ᠲᠠᠰᠤᠯᠭ᠎ᠠ ᠪᠦᠷᠢ ᠠᠴᠠ ᠨᠢ ᠤᠯᠠᠪᠦᠷ ᠰᠢᠷᠭᠠᠯ ᠫᠤᠤᠽᠢ ᠳ᠋ᠧᠩ ᠵᠢᠭᠲᠡ ᠭᠡᠷᠡᠯᠳᠤᠨ ᠬᠠᠷᠠᠭᠳᠠᠵᠦ᠂ ᠮᠠᠨᠤᠰ ᠤᠨ ᠪᠠᠭ᠋ᠠᠷᠤᠯ  ᠢ ᠲᠠᠳᠠᠵᠦ ᠪᠠᠶᠢᠳᠠᠭ ᠪᠢᠯᠡ᠃ ᠲᠡᠷᠡ ᠦᠶᠡᠰ ᠮᠠᠨᠠᠶᠢᠬᠢᠨ ᠲᠤᠰᠤᠨ ᠳ᠋ᠧᠩ ᠠᠴᠠ ᠪᠠᠨ ᠰᠠᠯᠬᠤ ᠶᠢ ᠵᠡᠭᠦᠲᠦᠯᠡᠭᠡ ᠴᠦ ᠦᠭᠡᠢ ᠪᠠᠶᠢᠬᠰᠡᠨ ᠶᠤᠮ᠃ ᠦᠲᠡᠰᠢ ᠤᠷᠤᠢ ᠪᠤᠯᠭᠠᠨ ᠲᠤᠰᠤᠨ ᠳ᠋ᠧᠩ ᠤᠨ ᠭᠡᠷᠡᠯ ᠲᠤᠤᠷ᠎ᠡ ᠡᠵᠢ ᠮᠢᠨᠢ ᠵᠠᠭᠦᠦ ᠶᠢᠨ ᠰᠡᠨᠵᠢ ᠪᠠᠷ ᠤᠳᠠᠰᠦ ᠪᠠᠨ ᠠᠷᠡᠢ ᠲᠦᠪᠲᠡᠯ ᠦᠭᠡᠢ ᠰᠦᠪᠡᠯᠡᠨ ᠮᠠᠨᠤᠰ ᠤᠨ ᠬᠤᠪᠴᠠᠰᠦ ᠬᠤᠨᠠᠷ ᠤᠨ ᠴᠤᠭᠤᠷᠬᠠᠢ ᠬᠠᠭᠵᠠᠷᠬᠠᠢ ᠶᠢ ᠨᠦᠬᠦᠵᠦ ᠲᠤᠪᠬᠢᠳᠠᠭ ᠪᠦᠭᠡᠳ ᠰᠢᠭᠤᠳᠠᠢ ᠶᠢᠨ ᠬᠠᠳᠬᠤᠮᠠᠯ᠂ ᠭᠤᠳᠤᠯ ᠤᠨ ᠤᠷᠢᠶᠠᠮᠠᠯ ᠢ ᠴᠦ ᠤᠶᠤᠵᠦ ᠪᠠᠶᠢᠭᠰᠡᠨ᠃ ᠭᠡᠭᠦ ᠳᠡᠭᠡᠨ ᠲᠤᠰᠤᠨ ᠳ᠋ᠧᠩ ᠤᠨ ᠭᠡᠷᠡᠯ ᠨᠢ ᠶᠡᠷᠦᠨᠢ ᠴᠢᠮᠠᠯᠠᠭᠰᠡᠨ ᠦᠭᠡ ᠬᠡᠯᠡᠭᠡ ᠦᠭᠡᠢ᠃ ᠳ᠋ᠧᠩ ᠢᠶᠠᠨ ᠲᠤᠭᠤᠷᠢᠨ ᠲᠦᠷᠬᠢᠴᠢᠨᠡᠵᠦ ᠪᠠᠶᠢᠬᠰᠡᠨ ᠮᠠᠨᠤᠰ ᠰᠢᠷᠡᠭᠡ ᠬᠦᠲᠡᠯᠭᠡᠨ ᠲᠤᠰᠤ ᠶᠢ ᠨᠢ ᠴᠠᠯᠬᠢᠭᠤᠯᠬᠤ ᠪᠤᠶᠦ ᠳ᠋ᠧᠨ᠋ᠭ ᠢ ᠨᠢ ᠦᠩᠭᠦᠷᠢᠭᠦᠯᠵᠦ ᠡᠵᠢ ᠳᠡᠭᠡᠨ ᠵᠢᠮᠡᠯᠡᠭᠲᠡᠵᠦ ᠪᠠᠶᠢᠬᠰᠡᠨ᠂ ᠡᠵᠢ ᠰᠢᠷᠡᠭᠡ ᠶᠢ ᠲᠤᠰᠤᠳᠤᠯ᠎ᠡ ᠭᠡᠰᠡᠨ ᠪᠢᠰᠢ᠂ ᠬᠠᠷᠢᠨ ᠦᠭᠡᠨ ᠤ ᠠᠶᠠᠰ᠂ ᠴᠢᠷᠠᠢ ᠶᠢᠨ ᠦᠩᠭᠡᠨ ᠲᠡᠭᠡᠷ᠎ᠡ ᠨᠢ ᠲᠤᠰᠤ ᠶᠢ ᠨᠢ ᠬᠠᠶᠢᠷᠠᠯᠠᠭᠰᠡᠨ ᠰᠡᠮ ᠲᠤᠬᠢᠶ᠎ᠡ ᠮᠡᠲᠡᠷᠡᠭᠲᠡᠵᠦ ᠪᠠᠶᠢᠬᠰᠡᠨ ᠨᠢ ᠮᠢᠨᠦ ᠤᠶᠤᠨ ᠪᠤᠳᠤᠯ ᠳᠤ ᠮᠦᠩᠭᠡ ᠰᠢᠩᠭᠡᠪᠡ᠃ ᠲᠡᠷᠡ ᠦᠶ᠎ᠡ ᠳᠤ ᠨᠢᠭᠡᠳᠤᠯ ᠤᠨ ᠲᠦᠪ ᠤᠨ ᠴᠠᠬᠢᠯᠭᠠᠨ ᠳ᠋ᠧᠩ ᠤᠨ ᠭᠡᠷᠡᠯ ᠡᠵᠢ ᠳᠤ ᠬᠡᠴᠢᠨᠡᠨ ᠭᠡᠷᠡᠯ ᠲᠠᠢ ᠰᠠᠨᠠᠬᠳᠠᠭᠰᠡᠨ ᠪᠤᠯ︖ ᠬᠦᠲᠡᠭᠡ ᠠᠶᠢᠯ  ᠳᠤ ᠬᠡᠷᠡᠯᠳᠤᠬᠦ ᠭᠡᠵᠦ ᠲᠡᠷᠡ ᠬᠤᠯᠡ ᠭᠡᠵᠦ ᠬᠦᠰᠡᠭᠰᠡᠨ ᠴᠦ ᠦᠭᠡᠢ ᠪᠠᠶᠢᠵᠦ ᠮᠡᠲᠡᠨ᠎ᠡ᠃      ᠲᠠᠮᠡᠢ ᠬᠡᠳᠤᠨ ᠵᠢᠯ ᠪᠤᠯᠤᠭᠰᠡᠨ ᠦᠭᠡᠢ ᠠᠶᠢᠯ ᠤᠨ ᠲᠤᠮᠤᠭᠠᠳᠠᠳ ᠨᠢᠭᠡᠳᠤᠯ ᠤᠨ ᠰᠠᠭᠤᠷᠢᠰᠢᠯ ᠲᠠᠢ ᠤᠶᠢᠷᠠᠬᠠᠨ ᠪᠠᠶᠢᠳᠠᠭ ᠲᠠᠪᠠᠭᠤᠯᠢᠭ ᠢᠶᠠᠨ ᠠᠰᠢᠬᠯᠠᠵᠦ᠂ ᠠᠶᠢᠯ ᠳᠠᠭᠠᠨ ᠴᠠᠬᠢᠯᠭᠠᠨ ᠨᠡᠪᠲᠡᠷᠡᠭᠦᠯᠬᠦ ᠪᠠᠷ ᠲᠦᠰᠦᠪ ᠲᠤᠬᠳᠠᠭᠠᠨ᠂ ᠠᠬ᠎ᠠ ᠲᠡᠭᠦᠦ ᠲᠠᠨᠢᠯ ᠢᠶᠠᠨ ᠡᠷᠢᠵᠦ ᠮᠦᠩᠭᠦ ᠬᠤᠷᠠᠮᠳᠤᠭᠤᠯᠤᠨ᠂ ᠲᠡᠭᠡᠭᠰᠢ ᠲᠤᠷᠤᠭᠰᠢ ᠬᠡᠲᠦᠭᠡᠨ ᠶᠠᠪᠤᠮᠠᠬᠴᠡ ᠦᠨᠳᠦᠷ ᠲᠡᠷᠤᠯᠲᠡ ᠶᠢᠨ ᠴᠠᠬᠢᠯᠭᠠᠨ ᠪᠠᠭᠠᠨ᠎ᠡ ᠶᠢ ᠠᠶᠢᠯ ᠤᠨ ᠵᠠᠬ᠎ᠠ ᠳᠤ ᠪᠠᠭᠤᠯᠭᠠᠪᠡ᠃ ᠡᠨᠡ ᠦᠶᠡᠰ ᠠᠶᠢᠯ ᠠᠶᠢᠮᠠᠭ ᠤᠨ ᠨᠠᠰᠤᠳᠠᠢ ᠨᠢᠯᠬ᠎ᠠ ᠦᠭᠡᠢ ᠲᠤᠰᠤᠨ ᠳ᠋ᠧᠩ ᠢᠶᠠᠨ ᠴᠢᠯᠠᠭᠤᠳᠠᠮᠠᠷ ᠪᠠᠶᠠᠷᠯᠡᠪᠡ᠃ ᠠᠵᠢᠯ ᠤᠨ ᠠᠬᠢᠴᠡ ᠪᠠᠭ᠋ᠠᠨ ᠰᠤᠯᠠᠷᠡᠪᠡᠯ ᠠᠶᠢᠯ ᠤᠨ ᠲᠠᠷᠤᠭ᠎ᠠ ᠪᠢᠴᠢᠭ ᠦᠰᠦᠭ ᠲᠠᠨᠢᠳᠠᠭ ᠢᠶᠠᠨ ᠲᠠᠭᠠᠭᠤᠯᠵᠦ ᠠᠯᠢ ᠨᠢᠭᠡ ᠠᠶᠢᠯ  ᠤᠨ ᠢᠶᠠᠨ ᠲᠠᠨᠢᠯ ᠪᠤᠶᠦ ᠤᠶᠢᠷ᠎ᠡ ᠲᠦᠷᠦᠭᠰᠡᠨ ᠢ ᠨᠢ ᠬᠤᠲᠡ ᠬᠤᠰᠢᠭᠤ ᠪᠠᠷ ᠡᠷᠢᠵᠦ᠂ ᠪᠠᠷᠤᠭ ᠪᠠᠶᠢᠭᠤᠯᠭ᠎ᠠ ᠪᠤᠯᠭᠠᠨ  ᠤ ᠡᠭᠦᠲᠡ ᠶᠢ ᠲᠡᠳᠠᠪᠡ᠃ ᠦᠭᠡᠷ ᠤᠨ ᠬᠦᠯᠲᠡᠭᠦᠦ ᠮᠢᠬ᠎ᠠ ᠶᠢ ᠲᠤᠮᠤ ᠭᠡᠭᠴᠢ ᠶᠢᠨ ᠤᠯᠤᠰᠤᠨ ᠮᠠᠳᠠᠢ ᠳᠤ ᠰᠠᠪᠠᠯᠠᠨ ᠡᠳᠤᠷ ᠲᠤ ᠭᠠᠭᠴᠡ ᠪᠠᠶᠢᠳᠠᠭ ᠠᠶᠠᠨᠴᠢᠨ ᠤ ᠮᠠᠰᠢᠨ ᠤ ᠤᠷᠤᠢ ᠲᠡᠭᠡᠷ᠎ᠡ ᠲᠤᠤᠷᠯᠠᠨ ᠤᠶᠠᠵᠦ᠂ ᠬᠤᠰᠢᠭᠤ ᠬᠤᠲᠡ ᠪᠠᠷ ᠬᠡᠳᠤᠨ ᠡᠪᠤᠯ ᠵᠠᠮᠨᠡᠪᠡ᠃ ᠡᠴᠤᠰ ᠲᠤ ᠶᠠᠭᠤ ᠪᠦᠬᠦᠨ ᠬᠦᠰᠡᠷᠳᠠᠵᠦ᠂ ᠠᠶᠢᠯ ᠤᠨ ᠵᠠᠬ᠎ᠠ ᠶᠢᠨ ᠤᠪᠤᠭ᠎ᠠ ᠲᠠᠢ ᠪᠠᠭᠠᠨ᠎ᠡ  ᠨᠤᠭᠤᠳ ᠬᠦᠯ ᠤᠷᠭᠤᠭᠰᠡᠨ ᠶᠤᠮ ᠰᠢᠭ᠋ ᠬᠤᠭ ᠦᠭᠡᠢ ᠠᠷᠢᠯᠵᠦ ᠲᠠᠭᠤᠰᠪᠡ᠃ ᠬᠤᠵᠢᠮ ᠨᠢ ᠮᠠᠨ ᠤ ᠬᠢᠨ᠄ ︽ᠦᠭᠡᠷ  ᠤᠨ ᠮᠢᠬ᠎ᠠ ᠪᠠᠨ ᠶᠠᠭ ᠡᠵᠡᠨ ᠳᠤ ᠨᠢ ᠦᠭᠴᠦ ᠲᠡᠶᠢᠯᠦᠭᠰᠡᠨ ᠦᠭᠡᠢ ᠬᠡᠨ᠎ᠡ᠂ ᠵᠠᠷᠢᠮ ᠢ ᠨᠢ ᠡᠭᠦᠲᠡ ᠬᠠᠷᠠᠳᠠᠭ ᠬᠦᠮᠦᠨ  ᠳᠤ ᠨᠢ ᠦᠭᠭᠦᠭᠰᠡᠨ ᠭᠡᠨ᠎ᠡ᠃ ᠲᠡᠭᠡᠭᠡᠳ ᠦᠢᠯᠡᠳᠤᠯ ᠭᠠᠷᠤᠬᠰᠡᠨ ᠦᠭᠡᠢ ᠬᠡᠨ᠎ᠡ︾ ᠭᠡᠵᠦ ᠬᠠᠶᠠ ᠵᠤᠭᠤᠭ ᠤᠨ ᠲᠤᠮᠲᠡ ᠱᠤᠭ ᠪᠤᠯᠭᠠᠨ ᠶᠠᠷᠢᠳᠠᠭ ᠪᠦᠭᠡᠳ ᠵᠠᠷᠢᠮ ᠨᠢ᠄ ︽ᠳ᠋ᠧᠩ ᠤᠨ ᠲᠤᠤᠷ᠎ᠡ ᠰᠡᠭᠦᠲᠡᠷ ᠲᠠᠢ ᠪᠠᠶᠢᠳᠠᠭ᠂ ᠰᠤᠮᠤ ᠲᠠᠢ ᠤᠶᠢᠷᠠᠬᠠᠨ ᠤ ᠤᠷᠰᠢᠭ︾ ᠭᠡᠵᠦ ᠲᠠᠶᠢᠳᠬᠤᠷᠠᠳᠠᠭ᠃ ᠲᠡᠭᠡᠪᠡᠴᠦ ᠦᠶ᠎ᠡ ᠦᠶ᠎ᠡ ᠶᠢᠨ ᠠᠶᠢᠯ ᠤᠨ ᠲᠠᠷᠤᠭ᠎ᠠ ᠨᠠᠷ ᠰᠤᠮᠤ ᠨᠢᠭᠡᠳᠤᠯ ᠤᠨ ᠲᠠᠷᠤᠭ᠎ᠠ᠂ ᠴᠠᠬᠢᠯᠭᠠᠨ ᠦᠷᠲᠡᠭᠡᠨ ᠲᠠᠷᠤᠭ᠎ᠠ ᠶᠢ ᠴᠦᠭᠦᠷᠡᠯ ᠦᠭᠡᠢ ︽ᠪᠢᠯᠳᠠᠦᠴᠢᠯᠠᠬᠤ︾ ᠪᠠᠨ ᠶᠡᠷᠦ ᠵᠤᠭᠰᠤᠭᠰᠡᠨ ᠦᠭᠡᠢ᠂ ᠪᠠᠶᠢᠨ ᠲᠠᠬᠢᠨ ᠬᠤᠭᠤᠯᠠᠨ ᠳᠤ ᠤᠷᠢᠬᠰᠠᠭᠠᠷ ᠬᠤᠶᠠᠷ ᠰᠢᠬᠠᠮ ᠵᠢᠯ ᠪᠤᠯᠪᠡ᠃      ᠲᠡᠭᠡᠭᠡᠳ ᠦᠭᠡᠷᠡᠴᠢᠯᠡᠯᠲᠡ ᠨᠡᠭᠡᠭᠡᠯᠲᠡ ᠶᠢᠨ ᠬᠤᠷᠢᠨ ᠵᠢᠯ ᠤᠨ ᠦᠶᠡᠰ ᠲᠤ ᠨᠤᠳᠤᠭ ᠠᠴᠠ ᠭᠠᠷᠤᠭᠰᠡᠨ ᠠᠬᠠᠮᠠᠳ ᠺᠠᠳ᠋ᠷ ᠤᠨ ᠲᠠᠮᠵᠢᠯᠭᠡ ᠴᠢᠷᠮᠠᠶᠢᠯᠭ᠎ᠠ ᠪᠠᠷ ᠵᠢᠩᠭᠢᠨᠢ ︽ᠡᠭᠦᠲᠡᠨ ᠪᠠᠷᠢᠭᠤᠯ︾ ᠢ ᠨᠢ ᠤᠯᠵᠦ ᠲᠠᠳᠠᠨ᠂ ᠲᠦᠷᠦᠯ ᠵᠦᠢᠯ ᠤᠷᠤᠭᠤᠯᠵᠦ ᠡᠷᠦᠭᠡ ᠪᠤᠯᠭᠠᠨ ᠠᠳᠠᠯᠢᠬᠠᠨ ᠮᠦᠩᠭᠦ ᠨᠡᠮᠡᠨ ᠭᠠᠷᠭᠠᠵᠦ᠂ ᠠᠬᠠᠮᠠᠳ ᠭᠤᠸᠠᠢ ᠪᠠᠶᠡᠲᠡᠨ ᠠᠳᠬᠤᠭᠰᠡᠨ ᠠᠴᠠ ᠮᠠᠨᠤᠰ ᠤᠨ ︽ᠪᠢᠯᠳᠠᠦᠴᠢᠯᠠᠭᠰᠠᠭᠠᠷ︾ ᠢᠷᠡᠭᠰᠡᠨ ᠲᠡᠲᠡᠭᠡᠷ ᠬᠦᠮᠦᠰ ᠴᠦ ᠬᠦᠯ ᠨᠢ ᠭᠦᠩᠭᠡᠷᠡᠵᠦ᠂ ᠤᠬᠤᠷᠬᠠᠨ ᠬᠤᠭᠤᠴᠠᠭᠠᠨ ᠳᠤ ᠴᠠᠬᠢᠯᠭᠠᠨ ᠨᠡᠪᠲᠡᠷᠡᠭᠦᠯᠪᠡ᠃ ᠴᠦᠭᠡᠪᠦᠷᠢ ᠡᠷᠦᠭᠡ ᠠᠷᠪᠠᠨ ᠲᠤᠯᠤᠭᠠᠨ ᠢᠨᠴ ᠤᠨ ᠪᠤᠳᠤᠭ ᠦᠭᠡᠢ ᠲᠧᠯᠸᠢᠰ ᠠᠪᠤᠭᠰᠡᠨ ᠠᠴᠠ ᠪᠤᠰᠤᠳ ᠨᠢ ᠵᠦᠪᠭᠡᠨ ᠬᠡᠷᠡᠯᠳᠦᠭᠦᠯᠭᠡ ᠳᠡᠭᠡᠨ ᠬᠡᠷᠡᠭᠯᠡᠵᠦ ᠡᠬᠢᠯᠡᠭᠰᠡᠨ ᠶᠤᠮ᠃ ᠲᠡᠷᠡ ᠦᠶ᠎ᠡ ᠠᠴᠠ ᠡᠬᠢᠯᠡᠨ ᠡᠳᠤᠷ ᠢᠷᠡᠭᠦᠶ᠎ᠡ ᠨᠡᠮᠡᠭᠲᠡᠬᠦ ᠠᠮᠢᠳᠤᠷᠡᠯ ᠦᠢᠯᠡᠳᠪᠦᠷᠢᠯᠡᠯ ᠤᠨ ᠱᠠᠭᠠᠷᠳᠠᠯᠭ᠎ᠠ  ᠠᠴᠠ ᠪᠤᠯᠵᠦ᠂ ᠡᠯ᠎ᠡ ᠵᠦᠢᠯ ᠤᠨ ᠴᠠᠬᠢᠯᠭᠠᠨ ᠬᠡᠷᠡᠭᠯᠡᠭᠦᠷ ᠲᠠᠰᠤᠷᠡᠯ ᠦᠭᠡᠢ ᠨᠡᠮᠡᠭᠲᠡᠨ ᠤᠳᠤ ᠪᠤᠯᠬᠤ ᠳᠤ ᠲᠠᠷᠢᠶᠠᠨ ᠭᠠᠵᠠᠷ᠂ ᠮᠠᠯ ᠤᠨ ᠪᠡᠯᠴᠢᠭᠡᠷ ᠭᠡᠰᠡᠨ ᠦᠭᠡᠢ ᠴᠠᠬᠢᠯᠭᠠᠨ ᠤᠳᠠᠰᠦ ᠲᠤᠤᠷᠵᠢᠨ ᠪᠦᠷᠭᠦᠵᠦ᠂ ᠭᠡᠷ ᠤᠨ ᠭᠠᠳᠠᠨ᠎ᠡ ᠲᠤᠳᠤᠨ᠎ᠡ ᠴᠠᠬᠢᠯᠭᠠᠨ ᠭᠡᠷᠡᠭᠰᠡᠯ ᠲᠦᠭᠡᠮᠡᠯᠵᠢᠪᠡ᠃      ︽ᠡᠨᠡ ᠦᠲᠡ ᠳᠤ ᠪᠤᠳᠠᠭ᠎ᠠ ᠪᠠᠨ ᠶᠠᠭᠠᠬᠢᠵᠦ ᠴᠢᠨᠠᠳᠠᠭ ᠪᠢᠯᠡ︖ ᠤᠰᠤ ᠴᠦ ᠠᠪᠴᠦ ᠵᠠᠪᠳᠤᠭᠰᠡᠨ ᠦᠭᠡᠢ᠂ ᠮᠠᠯ ᠤᠰᠤᠯᠠᠬᠤ ᠴᠦ ᠠᠰᠠᠭᠤᠳᠡᠯ ᠪᠤᠯᠵᠠᠢ︾ ᠭᠡᠳ ︽ᠴᠠᠬᠢᠯᠭᠠᠨ ᠦᠭᠡᠢ ᠪᠠᠷ ᠪᠤᠯᠵᠦ ᠯᠡ ᠪᠠᠶᠢᠬᠰᠡᠨ︾ ᠭᠡᠵᠦ ᠶᠡᠷᠢᠵᠦ ᠪᠠᠶᠢᠬᠰᠡᠨ ᠡᠵᠡᠭᠲᠠᠢ ᠵᠤᠪᠡᠵᠦ ᠭᠠᠴᠢᠬᠳᠠᠵᠦ ᠡᠬᠢᠯᠡᠪᠡ᠃ ᠴᠠᠢ ᠶᠢᠨ ᠰᠢᠨᠤᠯ ᠬᠡᠳᠡᠭᠡᠯᠡᠬᠦ ᠪᠠᠷ ᠪᠢ ᠤᠰᠤᠨ ᠰᠡᠪᠡ ᠠᠴᠠ ᠤᠭᠤᠴᠢ ᠲᠠᠳᠤᠢ ᠤᠮᠳᠠ ᠲᠠᠷᠤᠪᠡ᠃ ᠶᠠᠭᠤ ᠪᠤᠯᠤᠭᠰᠡᠨ ᠴᠦ ︽ᠡᠷᠢᠶᠡᠯᠡᠪᠡᠯ ᠡᠷᠢᠶᠠᠨ ᠭᠡᠲᠡᠰᠤᠨ ᠤ ᠵᠤᠪᠠᠯᠠᠩ︾ ᠭᠡᠭᠴᠢ ᠪᠠᠷ ᠡᠷᠢᠶᠠᠯᠠᠬᠦ ᠶᠢ ᠲᠡᠪᠴᠢᠨ ᠴᠠᠬᠢᠯᠭᠠᠨ ᠠᠵᠢᠯᠲᠡᠨ ᠠᠴᠠ ᠯᠠᠪᠯᠠᠬᠤ ᠶᠢ ᠰᠠᠨᠠᠵᠦ ᠭᠠᠷ ᠤᠳᠠᠰᠦ ᠪᠠᠨ ᠲᠤᠶ᠋ᠢᠯᠠᠵᠦ ᠴᠢᠩᠨᠠᠳᠡᠯ᠎ᠡ ︽ᠲᠢᠳ︾ ᠬᠢᠨ ᠴᠡᠨᠡᠭ ᠨᠢ ᠬᠤᠭᠤᠰᠤᠷᠠᠵᠦ ᠪᠦᠷᠢᠮᠦᠰᠦᠨ ᠬᠠᠭᠠᠬᠳᠠᠪᠡ᠃ ᠡᠨᠡ ᠦᠶᠡᠰ ᠶᠠᠭᠤ ᠪᠦᠬᠦᠨ ᠰᠤᠬᠤᠷ ᠲᠦᠯᠡᠢ ᠪᠤᠯᠤᠭᠰᠡᠨ ᠮᠡᠲᠦ ᠰᠠᠨᠠᠬᠳᠠᠨ ᠠᠮᠢᠰᠬᠤᠯ ᠪᠦᠲᠡᠩᠰᠢᠬᠦ‍ ᠰᠢᠭ ᠪᠤᠯᠪᠡ᠃ ︽ᠤᠷᠢᠲᠦ ᠴᠠᠬᠢᠯᠭᠠᠨ ᠦᠭᠡᠢ ᠪᠠᠷ ᠴᠤᠬᠤᠮ ᠶᠠᠭᠠᠬᠢᠵᠦ ᠠᠮᠢᠳᠤᠷᠠᠵᠦ ᠪᠠᠶᠢᠬᠰᠡᠨ ᠪᠢᠯᠡ︖︾ ᠭᠡᠵᠦ ᠪᠢ ᠦᠪᠡᠷ ᠠᠴᠠ ᠪᠠᠨ ᠠᠰᠠᠭᠤᠮᠠᠷ ᠪᠤᠯᠪᠡ᠃      ᠬᠦᠦ ᠶᠢᠨ ᠭᠠᠷ ᠤᠳᠠᠰᠦ ︽ᠲᠢᠩ ᠳ᠋ᠠᠩ︾ ᠲᠤᠬᠢᠶᠠᠯᠠᠵᠦ ᠡᠬᠢᠯᠡᠪᠡ᠂ ᠬᠦᠲᠡᠯᠭᠡᠭᠦᠷ ᠱᠤᠤᠬᠢᠵᠦ ᠡᠬᠢᠯᠡᠪᠡ᠃ ᠡᠵᠡᠭᠲᠠᠢ ᠪᠡ ᠬᠦᠦ ︽ᠴᠠᠬᠢᠯᠭᠠᠨ ᠢᠷᠡᠵᠠᠢ︕︾ ᠭᠡᠵᠦ ᠵᠡᠷᠭᠡᠲᠡ ᠬᠠᠰᠷᠬᠢᠪᠡ᠃ ᠴᠠᠬᠢᠯᠭᠠᠨ ᠬᠡᠷᠡᠭᠯᠡᠭᠦᠷ ᠤᠳ ᠬᠡᠪ ᠤᠨ ᠶᠤᠰᠤᠭᠠᠷ ᠲᠤᠬᠢᠶᠠᠯᠠᠵᠦ ᠠᠮᠢᠯᠠᠨ ᠰᠡᠷᠭᠦᠪᠡ᠃ ᠭᠡᠷ ᠲᠤᠳᠤᠷᠠᠬᠢ ᠤᠷᠤ ᠬᠤᠷᠢᠶᠠᠯᠠᠭ᠎ᠠ᠂ ᠠᠪᠳᠠᠷ᠎ᠡ ᠬᠤᠷᠭᠤ᠂ ᠨᠤᠮ ᠲᠡᠪᠳᠠᠷ᠂ ᠴᠤᠩᠬᠤᠨ ᠪᠦᠷᠭᠦᠭᠦᠯ᠂ ᠴᠤᠮᠤ ᠰᠡᠪᠡ᠁ ᠶᠠᠭᠤ ᠪᠦᠬᠦᠨ ᠠᠮᠢ ᠤᠷᠤᠭᠰᠡᠨ ᠰᠢᠭ᠋ ᠰᠠᠨᠠᠬᠳᠠᠯ᠎ᠡ᠃ ᠬᠦᠮᠦᠨ  ᠤ ᠠᠮᠢᠳᠤᠷᠡᠯ ᠭᠡᠵᠦ ᠡᠶᠢᠮᠦ ᠯᠡ ᠡᠷᠬᠢᠴᠡᠭᠦᠯᠦᠯ᠂ ᠪᠠᠭ᠋ᠠᠳᠤᠯ᠂ ᠲᠠᠮᠠᠦᠯᠠᠯ ᠤᠨ ᠲᠤᠮᠲᠡ ᠬᠠᠭᠤᠴᠢᠨ ᠢᠶᠠᠨ ᠤᠯᠠᠯᠠᠵᠦ᠂ ᠰᠢᠨ᠎ᠡ ᠪᠠᠨ ᠵᠤᠯᠠᠯᠠᠵᠦ᠂ ᠮᠠᠷᠭᠠᠰᠢ ᠵᠦᠭ ᠤᠬᠠᠭᠠᠷᠠᠨ ᠠᠬᠢᠳᠠᠭ ᠤᠴᠢᠷ ᠲᠠᠢ᠃
 
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号