ᠦᠪᠡᠷ ᠢ ᠪᠠᠨ ᠤᠯᠬᠤᠢ ᠶᠢᠨ ᠰᠢᠯᠦᠭ
ᠨᠡᠶᠢᠲᠡᠯᠡᠭᠰᠡᠨ ᠴᠠᠭ᠄
2019-05-21
                                      ᠬᠡᠷᠡᠶᠢᠳ ᠤᠳᠬᠤᠨᠵᠢᠷᠭᠠᠯ     ᠬᠡᠨ ᠶᠤᠮ ᠪᠤᠢ︖ ᠬᠡᠵᠦ ᠨᠤᠶᠢᠷ ᠵᠡᠭᠦᠲᠦᠨ ᠳᠡᠭᠡᠨ ᠴᠦ   ᠦᠪᠡᠷ ᠢ ᠪᠠᠨ ᠪᠡᠳᠡᠷᠢᠭᠰᠡᠭᠡᠷ ᠶᠠᠪᠤᠨᠠᠮ ᠪᠢ   ᠬᠡᠨᠲᠡᠭᠲᠦ ᠬᠦᠭᠡ ᠶᠢᠨ ᠤᠷᠴᠢᠯᠠᠩ ᠤᠨ ᠲᠠᠭᠤ ᠱᠤᠤᠬᠢᠶᠠᠨ   ᠭᠡᠷᠡᠯ ᠬᠠᠷᠠᠩᠭᠤᠢ ᠶᠢᠨ ᠲᠤᠮᠳᠠᠭᠤᠷ   ᠪᠡᠶ᠎ᠡ ᠶᠢ ᠪᠠᠨ ᠦᠭᠡᠶᠢᠯᠡᠭᠰᠡᠭᠡᠷ ᠬᠡᠯᠳᠤᠷᠢᠨᠠᠮ ᠪᠢ     ᠦᠩᠭᠡᠷᠡᠵᠦ ᠪᠤᠢ ᠡᠭᠦᠯᠠᠨ ᠤ ᠬᠤᠷᠲᠦ   ᠮᠠᠨᠠᠨ ᠤ ᠲᠤᠷᠭᠠᠮᠰᠤᠭ ᠤᠨ ᠲᠤᠮᠳᠠᠭᠤᠷ ᠲᠦᠭᠡᠷᠢᠵᠦ ᠦᠪᠡᠷ ᠢ ᠪᠠᠨ ᠡᠷᠢᠨᠠᠮ   ᠦᠲᠡᠯᠵᠦ ᠪᠤᠢ ᠨᠠᠮᠦᠷ ᠤᠨ ᠰᠢᠷᠭᠠᠯ᠂ ᠡᠪᠤᠯ ᠤᠨ ᠬᠦᠢᠲᠡᠮᠰᠦᠭ ᠤᠨ ᠲᠤᠮᠳᠠᠭᠤᠷ   ︽ᠤᠷᠭᠤᠵᠦ︾ ᠦᠪᠡᠷ ᠢ ᠪᠠᠨ ᠡᠷᠢᠨᠡᠮ   ᠠᠰᠬᠠᠷᠠᠬᠰᠡᠨ ᠨᠢᠯᠪᠤᠰᠤᠨ ᠤ ᠪᠠᠨ ᠬᠠᠯᠠᠭᠤᠨ   ᠪᠤᠯᠠᠩᠭᠢᠷ ᠬᠤᠶᠠᠷ ᠤᠨ ᠲᠤᠮᠳᠠ ᠠᠴᠠ ᠱᠦᠭᠦᠵᠦ ᠦᠪᠡᠷ ᠢ ᠪᠠᠨ ᠡᠷᠢᠯ᠎ᠡ   ᠠᠯᠬᠤᠭᠰᠡᠨ ᠮᠦᠷ ᠤᠨ ᠢᠶᠠᠨ ᠦᠨᠡᠨ   ᠭᠠᠰᠢᠭᠤᠨ ᠬᠤᠶᠠᠷ ᠤᠨ ᠲᠤᠮᠲᠡ ᠠᠴᠠ ᠰᠢᠭᠦᠵᠦ ᠦᠪᠡᠷ ᠢ ᠪᠠᠨ ᠡᠷᠢᠯ᠎ᠡ   ᠰᠠᠯᠬᠢᠨ ᠳᠤ ᠮᠡᠷᠡᠭᠦᠯᠬᠦ ᠭᠠᠵᠠᠷ ᠤᠨ ᠤᠬᠤᠮ ᠠᠴᠠ   ᠬᠦᠯᠭᠡᠨ ᠳᠤ ᠲᠡᠪᠢᠰᠦᠭᠦᠯᠬᠦ ᠭᠠᠯ ᠤᠨ ᠴᠠᠬᠢᠮ ᠠᠴᠠ ᠬᠠᠶᠢᠯ᠎ᠡ   ᠨᠡᠭᠦᠲᠡᠯ ᠡᠷᠢᠯ ᠬᠤᠶᠠᠷ ᠢᠶᠠᠷ ᠴᠠᠭ ᠢ ᠢᠮᠡᠷᠦᠭᠰᠡᠨ   ᠠᠭᠤᠯᠠ ᠲᠡᠯ᠎ᠡ ᠠᠴᠠ ᠪᠠᠨ ᠠᠰᠠᠭᠤᠯ᠎ᠡ   ᠨᠡᠷ᠎ᠡ ᠡᠷᠭᠡᠰ ᠬᠤᠶᠠᠷ ᠢ ᠪᠦᠲᠦᠭᠡᠭᠰᠡᠨ   ᠠᠮᠢᠨ ᠪᠤᠷᠬᠠᠳ ᠠᠴᠠ ᠪᠠᠨ ᠰᠤᠷᠡᠯ᠎ᠡ   ᠨᠡᠭᠡᠯ ᠦᠢᠯᠠᠷ ᠬᠤᠶᠠᠷ ᠢ ᠮᠢᠨᠢ ︽ᠦᠪᠴᠢᠵᠦ︾ ᠲᠦᠷᠦᠭᠰᠡᠨ   ᠠᠯᠢᠶᠠᠬᠠᠨ ᠦᠷᠡᠰ ᠠᠴᠠ ᠪᠠᠨ ᠰᠢᠭᠦᠯ᠎ᠡ   ᠬᠡᠯᠡᠬᠦ ᠦᠭᠡᠢ ᠯᠠ ᠶᠤᠮ ᠲᠡᠳᠠ᠂ ᠬᠡᠨᠡᠭ ᠴᠦ ᠦᠭᠡᠢ ᠯᠡ ᠲᠤᠭᠤᠢ ᠪᠠᠶᠢᠬᠤ ᠶᠤᠮ     ᠬᠡᠷᠡᠭ ᠦᠭᠡᠢ ᠡ᠂ ᠪᠢ ᠬᠡᠨ ᠴᠦ ᠪᠢᠰᠢ   ᠵᠦᠭᠡᠷ ᠯᠡ ᠲᠠᠭᠤᠨ ᠤ ᠬᠤᠭᠤᠰᠤᠨ   ᠬᠢᠴᠢᠶᠡᠵᠦ ᠲᠡᠷᠯᠡᠭᠰᠡᠨ ᠬᠡᠲᠦᠭᠡᠨ ᠰᠢᠯᠦᠭ ᠮᠢᠨᠢ ᠬᠡᠨᠵᠡ ᠡᠪᠡᠰᠦᠨ ᠤ ᠠᠮᠢᠰᠬᠤᠭ᠎ᠠ   ᠬᠡᠬᠡᠨᠴᠢᠷ ᠡᠷᠲᠡ ᠶᠢᠨ ᠰᠢᠭᠦᠲᠡᠷᠢ ᠲᠠᠢ ᠡᠪᠡᠰᠦᠨ ᠳᠤ ᠪᠢ ᠪᠠᠶᠢᠳᠠᠭ   ᠬᠠᠮᠢᠶ᠎ᠡ ᠦᠭᠡᠢ ᠡ᠂ ᠪᠢ ᠶᠠᠭᠤ ᠴᠦ ᠪᠤᠰᠤ   ᠬᠠᠷᠠᠩᠭᠤᠢ᠂ ᠬᠡᠬᠡᠨ ᠤ ᠵᠦᠢᠳᠠᠰᠦ   ᠬᠠᠯᠠᠭᠤᠬᠠᠨ ᠪᠤᠳᠤᠯ ᠲᠡᠪᠡᠷᠡᠭᠦᠭᠡᠨ ᠬᠦᠰᠡᠯ ᠮᠢᠨᠢ ᠬᠠᠷ᠎ᠡ ᠰᠢᠷᠤᠢ ᠶᠢᠨ ᠵᠢᠪᠬᠤᠭ᠎ᠠ   ᠬᠠᠳᠠᠭᠰᠡᠨ ᠬᠦᠷᠦᠰᠦᠨ ᠳᠤ ᠵᠠᠭᠦᠲᠦ ᠮᠠᠨᠠᠬᠤ ᠢᠴᠡᠭᠡᠲᠠᠢ ᠦᠨᠳᠦᠰᠦᠨ ᠳᠤ ᠪᠠᠶᠢᠳᠠᠭ   ᠤᠴᠢᠷ ᠦᠭᠡᠢ ᠡ᠂ ᠪᠢ ᠤᠷᠭᠤᠭᠰᠡᠨ ᠰᠦ᠂ ᠤᠨᠵᠢᠷᠠᠬᠰᠡᠨ ᠦ   ᠦᠭᠦᠯ ᠠᠮᠢᠳᠤᠷᠡᠯ ᠤᠨ ᠦᠭᠡᠳᠠᠰᠦ᠂ ᠦᠨᠠᠨ ᠬᠤᠳᠠᠯ ᠤᠨ ᠲᠦᠷᠦᠳᠠᠰᠦ   ᠦᠢᠯᠡ ᠶᠢᠨ ᠮᠢᠨᠢ ᠪᠠᠭᠤᠴᠡ ᠶᠢ ᠰᠠᠬᠢᠵᠦ ᠦᠯᠡᠲᠡᠬᠦ ᠨᠡᠷ᠎ᠡ ᠦᠷ᠎ᠡ ᠳᠤ ᠮᠢᠨᠢ ᠭᠠᠷᠳᠠᠭ   ᠶᠠᠭ ᠦᠨᠡᠨ ᠳᠡᠭᠡᠨ ᠪᠢ ᠶᠠᠭᠤ ᠴᠦ ᠪᠤᠰᠤ   ᠶᠠᠩᠬᠢᠷ ᠰᠢᠮᠡᠬᠦ ᠬᠠᠷᠠᠵᠠᠨ ᠤ ᠲᠤᠩᠭᠠᠯᠠᠭ   ᠲᠤᠩᠭᠤᠷᠤᠤ ᠲᠤᠰᠬᠤ ᠲᠦᠷᠰᠦᠨ ᠤ ᠬᠤᠭᠤᠰᠤᠨ   ᠴᠠᠭ ᠤᠨ ᠲᠠᠭᠤᠴᠠᠭᠠᠨ ᠳᠤ ᠪᠠᠯᠠᠷᠠᠬᠤ ᠰᠠᠯᠬᠢᠨ ᠤ ᠮᠦᠷ   ᠶᠠᠪᠤᠵᠦ ᠶᠠᠪᠤᠵᠦ ᠤᠨᠠᠬᠤ ᠳᠠᠭᠠᠨ ᠨᠢᠰᠭᠦ   ᠦᠨᠦᠴᠢᠨ ᠰᠢᠪᠠᠭᠤᠨ ᠤ ᠲᠠᠯᠠᠪᠴᠢ   ᠶᠠᠭ ᠬᠤᠵᠢᠮ ᠨᠢ ᠡᠷᠬᠢᠵᠦ ᠢᠷᠡᠬᠦ ᠦᠭᠡᠢ   ᠬᠦᠭᠡ ᠬᠠᠳᠠᠨ ᠤ ᠴᠤᠤᠷᠢᠶ᠎ᠡ᠂ ᠪᠢ︕
 
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号