ᠮᠦᠷᠦᠭᠡᠳᠤᠯ ᠤᠷᠭᠤᠳᠠᠭ ᠰᠠᠷᠡ
ᠨᠡᠶᠢᠲᠡᠯᠡᠭᠰᠡᠨ ᠴᠠᠭ᠄
2019-05-14
                                            ᠨᠠ᠊᠂ ᠬᠡᠬᠡᠨᠰᠠᠷᠠ      ᠠᠮᠢᠳᠤᠷᠡᠯ ᠤᠨ ᠠᠯᠠᠭ ᠲᠠᠨᠢᠭ᠎ᠠ ᠦᠭᠡᠢ ᠬᠡᠨᠡᠬᠡᠨ ᠪᠠᠭ᠎ᠠ ᠨᠠᠰᠦᠨ ᠤ ᠮᠢᠨᠢ ᠵᠡᠬᠦᠳᠦ ᠪᠤᠳᠤᠯ ᠲᠤᠳᠤᠷ᠎ᠡ ᠠᠴᠠ ᠰᠠᠷᠡ ᠨᠢ ᠲᠠᠩᠳᠠ ᠲᠡᠷᠭᠡᠯ ᠤᠷᠭᠤᠳᠠᠭ᠃ ᠬᠠᠷᠠᠩᠭᠤᠢ ᠶᠢ ᠡᠰᠡᠷᠬᠦᠴᠡᠵᠦ᠂ ᠰᠦᠨᠢ ᠶᠢ ᠡᠰᠡᠷᠬᠦᠯᠡᠵᠦ᠂ ᠲᠡᠭᠷᠢ ᠶᠢᠨ ᠬᠠᠶᠠᠭᠠᠨ ᠠᠴᠠ᠂ ᠲᠡᠮᠡᠬᠡᠨ ᠪᠦᠬᠦ ᠠᠴᠠ᠂ ᠲᠤᠭᠤᠯ ᠤᠨ ᠪᠡᠯᠴᠢᠭᠡᠷ ᠠᠴᠠ᠂ ᠡᠪᠡᠰᠦ ᠲᠠᠢ ᠡᠯᠡᠰᠦ ᠲᠠᠢ ᠰᠡᠭᠦᠳᠡᠭᠡᠨᠡᠭᠰᠡᠨ ᠦᠨᠳᠦᠷᠭᠡᠨ ᠪᠤᠷᠦ ᠮᠠᠩᠬᠠᠨ ᠤᠷᠤᠢ ᠠᠴᠠ ᠴᠦ ᠰᠠᠷᠡ᠂ ᠰᠡᠪ ᠰᠡᠮᠡᠬᠡᠷᠭᠡᠨ ᠨᠠᠮᠵᠢᠭᠤᠬᠠᠨ ᠲᠡᠷᠭᠡᠯᠰᠢᠨ ᠤᠷᠭᠤᠳᠠᠭ ᠪᠠᠶᠢᠭᠰᠠᠨ᠃ ᠰᠠᠷᠡᠨ ᠤ ᠲᠤᠶᠠᠭ᠎ᠠ ᠡᠪᠡᠰᠦ ᠴᠡᠴᠡᠭ ᠪᠦᠬᠦᠨ ᠤ ᠲᠡᠭᠡᠷ᠎ᠡ᠂ ᠰᠢᠬᠦᠳᠡᠷᠢ ᠶᠢᠨ ᠮᠦᠬᠦᠯᠢᠭ ᠲᠡᠭᠡᠷ᠎ᠡ᠂ ᠪᠠᠰᠠ ᠮᠢᠨᠦ ᠪᠠᠭ᠎ᠠ ᠨᠠᠰᠤᠨ ᠤ ᠰᠡᠳᠬᠢᠯ ᠤᠨ ᠬᠤᠷᠸ᠎ᠠ ᠳᠤ ᠦᠪᠴᠢ ᠳᠤ ᠨᠢ ᠠᠰᠬᠠᠷᠠᠳᠠᠭ ᠪᠠᠶᠢᠭᠰᠠᠨ᠃ ᠰᠢᠬᠦᠳᠡᠷᠢ ᠶᠢᠨ ᠮᠦᠬᠦᠯᠢᠭ ᠪᠦᠷᠢ ᠳᠤ ᠨᠢᠭᠡ ᠨᠢᠭᠡ ᠰᠠᠷᠡ ᠠᠭᠤᠰᠤᠨ ᠲᠠᠶᠢᠪᠤᠩ ᠬᠤᠨᠤᠳᠠᠭ ᠪᠠᠶᠢᠭᠰᠠᠨ᠂ ᠭᠡᠪᠡᠴᠦ ᠭᠡᠷᠪᠡ ᠡᠪᠡᠰᠦᠨ ᠲᠤᠮᠳᠠᠭᠤᠷ ᠬᠡᠦᠭᠡᠳ ᠤᠳ ᠲᠦᠴᠢᠬᠢᠨᠠᠨ ᠦᠩᠭᠡᠷᠡᠬᠦ ᠳᠤ ᠬᠦᠷᠪᠡᠯ ᠤᠶᠢᠯᠲᠡ ᠶᠢᠨ ᠭᠡᠷᠡᠯ ᠨᠢ ᠵᠦᠭ ᠵᠦᠭ ᠲᠡᠭᠡᠨ ᠰᠠᠷᠨᠢᠨ ᠪᠤᠳᠠᠷᠠᠳᠠᠭ᠃ ᠪᠤᠳᠠᠷᠠᠭᠰᠠᠨ ᠲᠡᠷᠡ ᠤᠰᠤᠨ ᠪᠦᠬᠦᠨ ᠢᠶᠠᠷ ᠢᠶᠠᠨ ᠨᠢᠭᠡ ᠨᠢᠭᠡ ᠵᠢᠵᠢᠭᠭᠡᠨ ᠰᠠᠷᠡ ᠪᠠᠶᠢᠭᠰᠠᠨ᠃ ᠲᠡᠭᠡᠬᠦ ᠳᠡᠭᠡᠨ ᠯᠡ ᠲᠡᠭᠷᠢ ᠶᠢᠨ ᠨᠢᠭᠡᠯᠡ ᠰᠠᠷᠠ ᠰᠢᠬᠦᠳᠡᠷᠢ ᠶᠢᠨ ︽ᠤᠰᠤᠨ︾ ᠳᠤ ᠰᠢᠩᠭᠡᠭᠡᠳ ᠤᠯᠠᠭᠤᠯᠠ ᠪᠤᠯᠳᠠᠭ ᠶᠤᠮ᠃ ᠰᠡᠳᠬᠢᠯ ᠳᠤ ᠮᠢᠨᠢ ᠲᠤᠨᠵᠦ ᠰᠢᠩᠭᠡᠭᠡᠳ ᠬᠤᠶᠠᠭᠤᠯᠠ ᠪᠤᠯᠳᠠᠭ ᠶᠤᠮ᠃      ᠮᠤᠳᠤᠳ ᠤᠨ ᠲᠤᠮᠲᠡ ᠠᠴᠠ ᠰᠠᠷᠡ ᠶᠢ ᠦᠵᠡᠬᠦ ᠳᠤ᠂ ᠰᠠᠷᠠ ᠠᠯᠵᠢᠶᠠᠳᠠᠭ ᠪᠠᠶᠢᠭᠰᠠᠨ᠃ ᠰᠠᠷᠠ ᠮᠤᠳᠤᠨ ᠰᠠᠯᠠᠭᠠᠨ ᠲᠡᠭᠡᠷ᠎ᠡ ᠰᠠᠭᠤᠴᠢᠬᠠᠭᠠᠳ ᠲᠦᠷ ᠠᠮᠠᠷᠠᠳᠠᠭ ᠪᠠᠶᠢᠭᠰᠠᠨ᠃ ᠤᠳᠤᠳ ᠤᠨ ᠲᠤᠮᠲᠡ ᠠᠴᠠ ᠰᠠᠷᠡ ᠶᠢ ᠰᠤᠨᠢᠷᠬᠠᠬᠤ ᠳᠤ᠂ ᠰᠠᠷᠠ ᠢᠴᠢᠮᠡᠭᠡᠶᠢᠷᠡᠵᠦ ᠪᠠᠶᠢᠭᠰᠠᠨ᠃ ᠰᠠᠷᠠ ᠡᠬᠦᠯᠡᠨ ᠠᠯᠴᠢᠭᠤᠷ ᠵᠡᠬᠦᠴᠢᠭᠡᠭᠡᠳ ᠪᠠᠶᠢᠨ ᠪᠠᠶᠢᠨ ᠲᠡᠭᠦᠨ ᠢᠶᠠᠷ ᠢᠶᠠᠨ ᠨᠢᠭᠤᠷ ᠢᠶᠠᠨ ᠪᠦᠳᠡᠭᠡᠳᠡᠭ᠃ ᠨᠠᠭᠤᠷ ᠤᠨ ᠬᠦᠪᠡᠭᠡᠨ ᠠᠴᠠ ᠰᠠᠷᠡ ᠶᠢ ᠬᠠᠷᠠᠬᠤ ᠳᠤ᠂ ᠰᠠᠷᠠ ᠠᠯᠢᠶᠠᠯᠠᠳᠠᠭ ᠪᠠᠶᠢᠭᠰᠠᠨ᠂ ᠰᠠᠷᠠ ᠨᠠᠭᠤᠷ ᠤᠨ ᠤᠰᠤᠨ ᠳᠤ ᠤᠨᠠᠴᠢᠬᠠᠭᠠᠳ ᠬᠦᠪᠦᠨ ᠵᠢᠪᠦᠨ᠂ ᠲᠡᠭᠲᠡᠨ ᠲᠤᠨᠤᠨ ᠨᠠᠭᠠᠳᠳᠠᠭ ᠪᠠᠶᠢᠬᠰᠡᠨ᠃      ᠠᠢ ᠬᠦ᠋᠂ ᠬᠦᠳᠡᠭᠡ ᠨᠤᠳᠤᠭ ᠤᠨ ᠮᠢᠨᠢ ᠲᠦᠷᠪᠡᠨ ᠤᠯᠠᠷᠢᠯ ᠤᠨ ᠲᠡᠷᠭᠡᠯ ᠰᠠᠷᠠ ᠰᠡᠳᠬᠢᠯ ᠪᠦᠯᠢᠶᠡᠰᠭᠡᠨ ᠤᠷᠭᠤᠳᠠᠭ ᠪᠠᠶᠢᠭᠰᠠᠨ᠃ ᠪᠦᠯᠢᠶᠡᠭᠡᠨ ᠳᠤᠨᠢ ᠪᠢᠳᠡ ᠪᠠᠭ᠎ᠠ ᠨᠠᠰᠤ ᠪᠠᠨ ᠠᠷᠢᠭᠤᠰᠬᠠᠵᠤ᠂ ᠪᠠᠬ᠎ᠠ ᠲᠤᠷ᠎ᠡ ᠪᠠᠨ ᠬᠠᠯᠠᠰᠬᠠᠨ ᠠᠷᠭᠠᠳᠠᠳᠠᠭ ᠴᠤ ᠪᠠᠶᠢᠭᠰᠠᠨ᠃ ᠬᠦᠳᠡᠭᠡ ᠨᠤᠳᠤᠭ ᠤᠨ ᠮᠢᠨᠢ ᠬᠠᠪᠤᠷ ᠤᠨ ᠰᠡᠷᠢᠬᠦᠨ ᠰᠠᠷᠠ ᠨᠠᠮᠵᠢᠭᠤᠨ ᠲᠤᠩᠭᠠᠯᠠᠭ᠂ ᠨᠠᠮᠵᠢᠭᠤᠨ ᠲᠤᠩᠭᠠᠯᠠᠭ ᠢᠶᠠᠷ ᠢᠶᠠᠨ ᠪᠠᠭ᠎ᠠ ᠨᠠᠰᠤ ᠶᠢ ᠮᠢᠨᠢ ᠦᠷᠬᠦᠯᠵᠢ ᠳᠤᠨᠢ ᠭᠡᠶᠢᠬᠦᠯᠳᠡᠭ ᠪᠠᠶᠢᠭᠰᠠᠨ ᠡ᠃ ᠪᠠᠭ᠎ᠠ ᠨᠠᠰᠤᠨ ᠤ ᠮᠢᠨᠢ ᠲᠡᠭᠷᠢ ᠨᠢ ᠪᠦᠮᠪᠦᠷᠬᠡᠨ᠃ ᠪᠠᠭ᠎ᠠ ᠨᠠᠰᠤᠨ ᠤ ᠮᠢᠨᠢ ᠭᠠᠵᠠᠷ ᠨᠢ ᠲᠤᠭᠤᠷᠢᠭ᠃ ᠪᠠᠭ᠎ᠠ ᠨᠠᠰᠤᠨ ᠤ ᠮᠢᠨᠢ ᠰᠠᠷᠡ ᠨᠢ ᠲᠡᠷᠭᠡᠯ᠃ ᠪᠠᠭ᠎ᠠ ᠨᠠᠰᠤᠨ ᠤ ᠮᠢᠨᠢ ᠰᠠᠨᠠᠭ᠎ᠠ ᠵᠡᠭᠦᠲᠦ ᠨᠢ ᠴᠦ ᠲᠡᠷᠭᠡᠯᠭᠡᠨ ᠪᠠᠶᠢᠬᠰᠡᠨ᠃      ᠰᠠᠷᠡ ᠭᠡᠵᠦ ᠲᠡᠭᠷᠢ ᠶᠢᠨ ᠴᠤᠭᠤᠷᠬᠠᠢ᠃ ᠰᠠᠷᠡ ᠭᠡᠵᠦ ᠬᠡᠷᠡᠯ ᠤᠨ ᠨᠡᠪᠲᠡᠷᠭᠡᠢ᠃      ᠪᠠᠭ᠎ᠠ ᠨᠠᠰᠦ ᠮᠢᠨᠢ ᠤᠳᠤ ᠪᠠᠶᠢᠬᠤ ᠦᠭᠡᠢ ᠪᠤᠯᠵᠠᠢ᠃ ᠬᠤᠯᠠ ᠶᠠᠪᠤᠵᠠᠢ᠃ ᠪᠠᠭ᠎ᠠ ᠨᠠᠰᠦ ᠶᠢ ᠮᠢᠨᠢ ᠨᠠᠷᠡ ᠰᠠᠷᠡ ᠬᠤᠶᠠᠷ᠂ ᠪᠠᠭ᠎ᠠ ᠪᠠᠭ᠎ᠠ ᠪᠠᠷ ᠨᠡᠭᠦᠯᠭᠡᠭᠰᠡᠭᠡᠷ ᠲᠡᠭᠷᠢ ᠳᠤ ᠠᠪᠠᠴᠢᠵᠠᠢ᠃ ᠪᠠᠭ᠎ᠠ ᠨᠠᠰᠦ ᠶᠢ ᠮᠢᠨᠢ ᠨᠤᠳᠤᠭ ᠤᠰᠤ ᠬᠤᠶᠠᠷ ᠪᠠᠶᠢᠨ ᠪᠠᠶᠢᠨ ᠰᠢᠯᠵᠢᠬᠦᠯᠦᠭᠰᠡᠭᠡᠷ ᠪᠠᠶᠢᠵᠤ ᠮᠦᠷᠦᠭᠡᠳᠦᠯ ᠳᠤ ᠦᠭᠴᠡᠢ᠃ ᠤᠳᠤ᠂ ᠠᠮᠢᠳᠤᠷᠠᠯ ᠤᠨ ᠠᠯᠠᠭ ᠲᠡᠨᠢᠢᠭᠰᠡᠨ ᠴᠡᠴᠡᠭᠬᠡᠨ ᠨᠠᠰᠤᠨ ᠤ ᠮᠢᠨᠢ ᠮᠦᠷᠦᠭᠡᠳᠦᠯ ᠲᠤᠳᠤᠷ᠎ᠡ᠂ ᠬᠦᠲᠡᠭᠡ ᠨᠤᠳᠤᠭ ᠤᠨ ᠮᠢᠨᠢ ᠰᠡᠷᠡ ᠲᠠᠩᠳᠠ ᠲᠡᠷᠭᠡᠯ ᠬᠡᠪ ᠢᠶᠠᠷ  ᠢᠶᠠᠨ ᠤᠷᠭᠤᠨ ᠮᠠᠨᠳᠤᠨ᠎ᠡ᠃
 
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号