ᠬᠦᠯᠢᠶᠡᠭᠦ ᠪᠤᠯ ᠮᠢᠨᠤ ᠠᠮᠢᠳᠤᠷᠠᠬᠤ ᠭᠡᠯᠪᠡᠷᠢ
ᠨᠡᠶᠢᠲᠡᠯᠡᠭᠰᠡᠨ ᠴᠠᠭ᠄
2019-04-09
                                           ᠬᠠᠩᠬᠢᠨ ᠬᠢᠴᠢᠶᠡᠯᠳᠤ  ᠤᠶᠢᠳᠬᠠᠷᠯᠠᠬᠤ ᠪᠤᠯ ᠮᠢᠨᠤ ᠠᠮᠢᠳᠤᠷᠠᠬᠤ ᠭᠡᠯᠪᠡᠷᠢ          ᠤᠷᠤᠭᠤᠯ ᠤᠨ ᠴᠢᠨᠢ ᠤᠯᠠᠭᠠᠨ ᠪᠤᠳᠤᠭ ᠤᠯᠠᠭᠠᠨ ᠬᠠᠴᠠᠷ ᠢ ᠮᠢᠨᠢ ᠡᠰᠬᠡᠨᠡᠮ          ᠤᠷᠤᠬᠤ ᠡᠭᠦᠳᠡ ᠨᠢ ᠣᠯᠳᠠᠬᠤ ᠦᠭᠡᠢ          ᠣᠷᠴᠢᠯᠠᠩ ᠤᠨ ᠴᠣᠩᠬᠤ ᠶᠢ ᠳᠤᠭᠰᠢᠵᠤ ᠳᠤᠭᠰᠢᠭᠠᠳ ᠤᠶᠢᠳᠬᠠᠷᠯᠠᠵᠤ ᠦᠬᠦᠯ᠎ᠡ          ᠤᠯᠠᠭᠠᠨ ᠳ᠋ᠧᠩ᠂ ᠨᠤᠭᠤᠭᠠᠨ ᠳ᠋ᠧᠩ ᠢᠶᠠᠷ ᠵᠦᠭ ᠢᠶᠠᠨ ᠤᠷᠤᠯᠠᠵᠤ ᠦᠵᠡᠯ᠎ᠡ          ᠤᠷᠢᠳᠠ ᠤᠷᠢᠳᠠ ᠶᠢᠨ ᠨᠤᠭᠤᠭᠠᠨ ᠳᠠᠯ᠎ᠠ᠂ ᠳᠤᠩᠭᠠᠯᠠᠭ ᠭᠤᠷᠤᠬ᠎ᠠ          ᠦᠨᠢ ᠮᠦᠩᠭᠡ ᠶᠢᠨ ᠮᠦᠷᠥᠭᠡᠳᠥᠯ ᠳᠠᠳᠦ᠋ᠢᠭᠡᠨ  ᠠᠭᠤᠷᠯᠠᠬᠤ ᠪᠤᠯ ᠮᠢᠨᠤ ᠡᠪᠰᠡᠬᠦ ᠭᠡᠯᠪᠡᠷᠢ          ᠠᠯᠠᠭ ᠨᠢᠳᠤᠨ ᠠᠴᠠ ᠮᠢᠨᠢ ᠬᠠᠶᠢᠷ᠎ᠠ ᠠᠰᠬᠠᠷᠠᠳᠠᠭ ᠭᠡᠵᠤ ᠴᠢ ᠭᠡᠯᠡᠳᠡᠭ          ᠠᠷᠠᠢ ᠲᠠ ᠠᠳᠡᠬᠦᠷᠡᠭᠰᠡᠨ ᠪᠠᠶᠢᠬ᠎ᠠ          ᠠᠮᠢᠨ ᠬᠠᠷᠠᠭ᠎ᠠ ᠪᠠᠨ ᠠᠯᠳᠠᠴᠢᠬᠠᠭᠰᠠᠨ ᠰᠤᠬᠤᠷ ᠭᠡᠳᠡᠭ ᠢ ᠮᠡᠳᠡᠭᠡ ᠦᠭᠡᠢ ᠨᠢ ᠲᠠ          ᠭᠡᠷᠡᠯ ᠪᠤᠯ ᠨᠠᠳᠠ ᠳᠤ ᠢᠯᠡᠬᠦᠴᠡ ᠤᠬᠠᠭᠳᠠᠬᠤᠨ          ᠬᠡᠮᠰᠢᠯ ᠴᠦ ᠰᠠᠪᠠᠭ᠎ᠠ ᠦᠭᠡᠢ ᠳᠤᠮᠢᠶᠠᠯᠠᠯ          ᠭᠡᠭᠡᠭᠡᠨ ᠯᠠ ᠪᠠᠶᠢᠳᠠᠭ ᠢᠶᠠᠷ ᠵᠡᠬᠦᠳᠥᠨ ᠳᠤ ᠮᠢᠨᠢ ᠳᠠᠯ᠎ᠠ ᠨᠤᠳᠤᠭ          ᠭᠠᠷᠴᠠᠭ᠎ᠠ ᠦᠭᠡᠢ ᠮᠢᠨᠥᠬᠢ ᠭᠡᠳᠡᠭ ᠡᠪᠡᠰᠥᠨ ᠤᠬᠠᠮᠰᠠᠷ  ᠭ᠊‍ᠦ᠋ᠯᠢᠶᠡᠬᠦ ᠪᠤᠯ ᠮᠢᠨᠤ ᠠᠮᠢᠳᠤᠷᠠᠬᠤ ᠭᠡᠯᠪᠡᠷᠢ          ᠭᠠᠭ᠋ᠠᠢ ᠶᠠᠪᠠᠭᠠᠨ ᠠᠳᠠᠯ᠎ᠠ ᠪᠠᠨ ᠨᠢᠰᠴᠤ ᠪᠤᠢ ᠪᠦᠬᠦᠨ ᠢ ᠬᠦᠯᠢᠶᠡᠳᠡᠭ          ᠬᠠᠭᠤᠴᠢᠷᠠᠭᠠᠳ ᠦᠩᠭᠡ ᠦᠭᠡᠢ᠂ ᠰᠤᠷᠭᠤᠭ ᠪᠠᠳᠠᠷᠠᠩᠭᠤᠢ ᠦᠩᠭᠡ ᠪᠥᠬᠦᠨ ᠢ ᠬᠦᠯᠢᠶᠡᠳᠡᠭ          ᠬᠦᠷᠬᠦ ᠦᠭᠡᠢ ᠬᠤᠯᠠ ᠶᠢᠨ ᠠᠶᠠᠨ ᠢ ᠬᠡᠥᠭᠡᠳ ᠢᠶᠠᠨ ᠳᠦᠷᠥᠬᠦᠯᠬᠦ‍ ᠰᠢᠭ ᠬᠦᠯᠢᠶᠡᠳᠡᠭ          ᠭᠠᠵᠠᠷ ᠰᠢᠷᠥᠢ ᠠᠮᠢ ᠨᠠᠰᠤᠨ ᠤ ᠮᠢᠨᠢ ᠭᠡᠯᠪᠡᠷᠢ          ᠬᠠᠴᠠᠷ ᠳᠡᠭᠡᠷ᠎ᠡ ᠨᠢ ᠦᠨᠥᠰᠥᠭᠡ ᠦᠭᠡᠢ᠂ ᠬᠠᠷᠢᠨ ᠪᠤᠯᠠᠰᠢᠨ ᠳᠡᠭᠡᠷ᠎ᠡ ᠴᠢᠨᠢ ᠦᠨᠥᠰᠥᠭᠰᠡᠨ ᠢ          ᠬᠠᠯᠠᠭᠤᠨ ᠨᠠᠮᠤᠷ ᠤᠨ ᠭᠤᠯᠢᠶ᠎ᠠ᠂ ᠬᠠᠳᠠᠨ ᠵᠠᠪᠰᠠᠷ ᠠᠴᠠ ᠳᠠᠭᠤᠯᠠᠨ᠎ᠠ          ᠭᠠᠭᠴᠠᠭᠠᠷᠳᠠᠯ ᠠᠴᠠ ᠬᠦᠯᠢᠶᠡᠯᠳᠡ ᠳᠠᠰᠢ᠂ ᠬᠦᠯᠢᠶᠡᠯᠳᠡ ᠠᠴᠠ ᠭᠠᠭᠴᠠᠭᠠᠷᠳᠠᠯ ᠳᠠᠰᠢ᠁
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号