ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ︽ᠪᠢᠷ ᠠᠳᠬᠤᠭᠤᠯ︾ ᠬᠤᠯᠪᠤᠭᠠᠨ ᠤ ᠢᠷᠠᠭᠤ ᠨᠠᠶᠢᠷᠠᠭᠴᠢᠳ ᠤᠨ ᠪᠦᠲᠦᠭᠡᠯ ᠤᠳ ︵ᠭᠤᠷᠪᠡ︶
ᠨᠡᠶᠢᠲᠡᠯᠡᠭᠰᠡᠨ ᠴᠠᠭ᠄
2019-04-03
     19 ᠤᠷᠤᠰᠬᠤ ᠴᠢᠰᠦ ᠨᠢ ᠮᠤᠩᠭᠤᠯ ᠪᠤᠯᠬᠤᠷ ᠵᠠᠩ ᠨᠢ ᠰᠢᠯᠤᠭᠤᠨ ᠤᠬᠰᠢᠬᠤ ᠤᠮᠤᠭ ᠨᠢ ᠤᠳᠤᠮ ᠤᠨ ᠪᠤᠯᠬᠤᠷ ᠶᠠᠷᠢᠶ᠎ᠡ ᠨᠢ ᠰᠢᠷᠦᠭᠦᠨ ᠤᠨᠠᠭᠰᠡᠨ ᠨᠤᠳᠤᠭ ᠨᠢ ᠬᠢᠷ᠎ᠡ ᠪᠤᠯᠬᠤᠷ ᠰᠠᠨᠠᠭ᠎ᠠ ᠨᠢ ᠴᠠᠭᠠᠬᠠᠨ ᠤᠤᠭᠤᠭᠰᠡᠨ ᠤᠰᠤ ᠨᠢ ᠤᠶᠢᠷ᠎ᠡ ᠪᠤᠯᠬᠤᠷ ᠰᠡᠳᠬᠢᠯ ᠨᠢ ᠲᠤᠭᠳᠠᠭᠤᠬᠠᠨ ᠰᠠᠷᠡᠯ ᠤᠳᠤᠭ᠎ᠠ ᠵᠠᠯᠬᠢᠵᠦ ᠰᠡᠳᠬᠢᠯ ᠤᠨ ᠮᠠᠨᠠᠨ ᠢᠶᠠᠨ ᠲᠠᠷᠤᠳᠠᠭ ᠰᠢᠮ᠎ᠡ ᠶᠢᠨ ᠶᠠᠭᠤᠮ᠎ᠡ ᠪᠠᠯᠭᠤᠪᠡᠯ ᠰᠦᠷᠡᠭᠡᠢ ᠬᠦᠭᠡᠷᠤᠵᠦ ᠬᠦᠭᠰᠡᠲᠡᠭ ᠠᠨᠲᠡ ᠶᠢᠨ ᠢᠶᠠᠨ ᠦᠭᠡᠨ ᠳᠤ ᠠᠮᠠᠷᠬᠠᠨ ᠪᠠᠶᠠᠷᠯᠠᠵᠦ ᠭᠤᠮᠤᠳᠠᠳᠠᠭ ᠪᠠᠰᠡ ᠠᠭᠰᠤᠮ ᠴᠢᠯᠠᠭᠤᠳᠠᠴᠢᠬᠠᠳᠠᠭ ᠠᠳᠬᠤᠨ ᠳᠠᠭᠠᠨ ᠪᠢᠷ᠎ᠡ ᠲᠠᠢ ᠠᠭᠠᠷᠤᠤᠯ ᠲᠡᠪᠳᠤᠭᠡᠭᠰᠡᠨ ᠬᠠᠷ᠎ᠡ ᠴᠠᠶᠢᠨ ᠳᠤ ᠭᠠᠷᠭᠠᠭᠠᠳ ᠤᠷᠲᠦ ᠶᠢᠨ ᠲᠠᠭᠤᠨ ᠳᠤ ᠤᠶᠠᠷᠠᠵᠦ ᠤᠶᠠᠩᠭ᠎ᠠ ᠨᠠᠶᠢᠷᠠᠭ ᠢᠶᠠᠷ ᠲᠤᠭᠳᠤᠯᠵᠦ ᠦᠭᠡ ᠶᠢᠨ ᠴᠡᠴᠡ ᠤᠬᠠᠭᠠᠨ ᠤ ᠤᠷ᠎ᠡ ᠲᠠᠢ ᠪᠦᠷᠦᠭ ᠢᠴᠢᠮᠡᠳᠡᠭᠡᠢ ᠰᠢᠭ ᠵᠠᠩᠨᠠᠳᠠᠭ ᠴᠦ ᠪᠦᠬᠦᠨ ᠠᠴᠠ ᠠᠮᠵᠢᠭᠤᠯᠵᠦ ᠬᠢᠯᠠᠷᠠᠭᠠᠳ ᠬᠢᠮᠡᠲᠡᠭᠡᠢ ᠨᠢᠭᠡᠨ ᠬᠡᠯᠴᠡᠲᠡᠭ᠃      20 ᠨᠤᠷᠮᠠᠨ ᠠᠴᠠ ᠰᠢᠯᠭᠡᠭᠡᠭᠲᠡᠭᠰᠡᠨ ᠴᠤᠭ ᠪᠤᠯᠬᠤᠷ ᠢᠯᠴᠢ ᠨᠢ ᠬᠠᠯᠠᠭᠤᠨ ᠲᠦᠬᠡᠨᠡᠲᠡᠭ ᠨᠤᠭᠤᠭᠠᠨᠪᠤᠯᠠᠭ ᠤᠨ ᠰᠤᠳᠤ ᠪᠤᠯᠬᠤᠷ ᠦᠩᠭᠡ ᠨᠢ ᠬᠠᠷᠠᠭ᠎ᠠ ᠪᠠᠶᠠᠰᠬᠠᠳᠠᠭ ᠢᠷᠠᠭᠤ ᠨᠠᠶᠢᠷᠠᠭ ᠢᠶᠠᠷ ᠠᠮᠢᠰᠬᠤᠭᠠᠳᠠᠭ ᠠᠴᠠ ᠴᠢᠰᠦ ᠨᠢ ᠬᠠᠯᠠᠭᠤᠨ ᠪᠠᠶᠢᠳᠠᠭ ᠢᠯᠲᠡᠮ ᠰᠡᠷᠡᠨ ᠤ ᠬᠡᠭᠡ ᠰᠢᠭ ᠪᠦᠲᠦᠭᠡᠯ ᠨᠢ ᠲᠡᠩᠳᠠ ᠬᠡᠶᠢᠲᠡᠭ᠃      21 ᠵᠢᠮᠢᠢᠵᠦ᠂ ᠬᠡᠯᠵᠠᠶᠢᠵᠦ᠂ ᠪᠤᠳᠤᠵᠦ ᠭᠤᠷᠪᠠᠨ ᠨᠤᠭᠤᠯᠤᠭ᠎ᠠ ᠦᠩᠭᠡᠷᠡᠭᠡᠳ ᠵᠢᠩᠭᠢᠨᠢ ᠶᠠᠷᠢᠬᠤ ᠪᠠᠨ ᠡᠬᠢᠯᠡᠲᠡᠭ ᠵᠢᠭᠵᠢᠭᠡᠷ ᠬᠦᠭᠡᠷᠦᠭᠦᠨ ᠨᠢ ᠲᠡᠩᠴᠡᠭᠰᠡᠨ ᠵᠢᠰᠦ ᠨᠢ ᠢᠯᠠᠮ ᠦᠭᠡᠢ ᠪᠤᠷᠤᠬᠠᠨ ᠲᠤᠨᠳᠠᠷᠠᠬᠤ ᠦᠭᠡᠢ ᠤᠨᠳᠤᠷᠤᠭ᠎ᠠ ᠠᠴᠠ ᠡᠬᠢ ᠠᠪᠤᠭᠰᠡᠨ ︽ᠲᠠᠭᠤᠰᠳᠠᠭ ᠦᠭᠡᠢ ᠰᠠᠯᠬᠢᠨ ᠤ ᠤᠯᠠᠷᠢᠯ︾ ᠲᠠᠢ ᠭᠤᠪᠢ ᠬᠢᠷ᠎ᠡ ᠶᠢᠨ ᠠᠭᠤᠯᠵᠠᠭᠤᠷ ᠨᠤᠳᠤᠭ ︽ᠭᠤᠷᠪᠠᠨ ᠲᠤᠯᠤᠭᠠᠢ︾ ᠳᠤ ᠦᠨᠳᠦᠰᠦᠯᠡᠭᠰᠡᠨ ᠭᠤᠨᠳᠠᠰᠢ ᠦᠭᠡᠢ ᠭᠡᠭᠡᠷ᠎ᠡ ᠶᠢᠨ ᠢᠷᠭᠤᠢ ᠭᠤᠶᠢᠪᠠᠰᠢ ᠦᠭᠡᠢ ᠨᠤᠮ ᠤᠨ ᠬᠤᠷᠤᠬᠠᠢ᠃      22 ᠬᠠᠳᠠᠭᠤ ᠦᠭᠡ ᠲᠠᠢ᠂ ᠬᠢᠷ᠎ᠡ ᠨᠤᠳᠤᠭ ᠤᠨ ᠵᠠᠩ ᠬᠦᠲᠡᠭᠦᠦ ᠠᠭᠠᠯᠢ ᠲᠠᠢ᠂ ᠬᠤᠶᠢᠲᠦ ᠪᠡᠶ᠎ᠡ ᠶᠢᠨ ᠶᠠᠩ ᠬᠠᠶᠢᠯᠠᠭᠠᠨ ᠨᠢ ᠤᠶᠢᠷᠠᠬᠠᠨ᠂ ᠮᠤᠩᠭᠤᠯ ᠡᠶᠢᠮᠦᠭᠡᠨ ᠴᠠᠶᠢᠯᠭᠠᠨ ᠨᠢ ᠢᠯᠡᠭᠡᠨ᠂ ᠴᠢᠰᠦ ᠨᠢ ᠬᠠᠯᠠᠭᠤᠬᠠᠨ ᠪᠢᠯᠢᠭᠦᠲᠦ ᠶᠢᠨ ᠭᠤᠤᠯ ᠤᠨ ᠪᠤᠷᠭᠠᠰᠦ ᠮᠠᠭᠠᠳ ᠨᠤᠶᠢᠲᠡᠨ ᠪᠠᠶᠢᠬᠤ ᠳᠠᠭᠠᠨ ᠤᠶᠠᠨ ᠪᠠᠶᠢᠬᠤ ᠨᠢ ᠠᠷᠭ᠎ᠠ ᠦᠭᠡᠢ ᠪᠡᠭᠡᠨ ᠳᠤ ᠬᠠᠨᠤᠭᠰᠡᠨ ᠬᠤᠯᠤᠰᠦ ᠯᠠᠪᠲᠠᠢ ᠪᠢᠰᠢ ᠪᠤᠯᠬᠤᠷ ᠬᠠᠳᠠᠭᠠᠬᠤ ᠲᠤᠰᠤᠮ ᠬᠠᠳᠠᠨ ᠪᠤᠯᠬᠤ ᠨᠢ ᠶᠠᠷᠢᠶᠠᠨ ᠦᠭᠡᠢ᠃      23 ᠤᠤᠭᠠᠯ ᠰᠤᠶᠤᠯ ᠢᠶᠠᠨ ᠠᠪᠤᠷᠡᠨ᠎ᠡ ᠬᠡᠪᠡᠯ ᠤᠤᠬᠠᠢ ᠬᠠᠰᠬᠢᠷᠤᠭᠠᠳ ᠵᠢᠳᠭᠦᠲᠡᠭ ᠤᠯᠠᠨ ᠪᠠᠷᠢᠶᠠᠳ ᠲᠠᠭᠠᠵᠦ ᠲᠦᠷᠢᠪᠡᠯ ᠤᠯᠠᠮ ᠭᠠᠯᠵᠠᠭᠤᠷᠠᠬᠤ ᠪᠠᠨ ᠲᠦᠭᠦᠲᠡᠭ ︽ᠠᠪᠤ ᠶᠢᠨ ᠮᠤᠷᠢᠲᠠᠢ ᠪᠠᠷ᠎ᠡ︾ ᠪᠠᠨ ᠨᠢᠯᠪᠤᠰᠦ ᠪᠠᠨ ᠤᠷᠤᠰᠬᠠᠵᠦ ᠤᠶᠠᠩᠭᠠᠯᠠᠳᠠᠭ ᠠᠯᠳᠠᠨ ᠤᠷᠤᠭ ᠤᠨ ᠲᠠᠶᠢᠯᠠᠭ᠎ᠠ ᠪᠠᠨ ᠠᠮᠢ ᠲᠠᠢ ᠪᠠᠨ ᠬᠤᠯᠪᠤᠵᠦ ᠰᠠᠬᠢᠳᠠᠭ ᠮᠤᠩᠭᠤᠯ ᠰᠤᠶᠤᠯ ᠤᠨ ᠪᠠᠭᠤᠴᠡ ᠮᠠᠨᠠᠭᠰᠡᠨ ᠮᠢᠩᠭᠠᠨ ᠨᠤᠳᠤᠭ ᠤᠨ ᠦᠷ᠎ᠡ ᠮᠤᠬᠤᠰᠢ ᠦᠭᠡᠢ ᠡᠷᠡᠮᠡᠬᠡᠢ ᠪᠠᠶᠢᠳᠠᠭ ᠮᠤᠩᠭᠤᠯ ᠬᠦᠮᠦᠨ ᠤ ᠰᠦᠰᠦ᠃      24 ᠰᠤᠷᠤᠨ ᠵᠢᠯᠤᠭᠤ ᠠᠳᠬᠤᠵᠦ ᠮᠤᠷᠢᠨ ᠲᠡᠯ ᠲᠡᠭᠡᠷ᠎ᠡ ᠬᠡᠶᠢᠰᠲᠡᠭ ᠮᠠᠯᠴᠢᠨ ᠬᠦᠮᠦᠨ ᠤ ᠤᠳᠤᠮ ᠰᠤᠷᠴᠦ ᠰᠢᠮᠳᠠᠬᠤ ᠪᠠᠷ ᠭᠤᠤᠯᠳᠠᠵᠦ ᠰᠢᠨ᠎ᠡ ᠪᠦᠲᠦᠭᠡᠯ ᠢᠶᠠᠨ ᠲᠤᠪᠬᠢᠲᠠᠭ ᠨᠠᠶᠢᠷᠠᠭᠴᠢ ᠬᠦᠮᠦᠨ ᠤ ᠵᠤᠷᠢᠭ ᠬᠢᠯᠢ ᠶᠢᠨ ᠮᠠᠨᠠᠭᠠᠴᠢ ᠬᠡᠲᠡᠭ ᠨᠤᠳᠤᠭ ᠨᠢ ᠤᠶᠢᠷ᠎ᠡ ᠬᠡᠯᠡᠨ ᠤ ᠬᠠᠶᠢᠭᠤᠯᠴᠢ ᠬᠡᠯᠴᠡᠲᠡᠭ ᠬᠦᠰᠡᠯ ᠨᠢ ᠬᠤᠯᠡ᠃      25 ᠴᠤᠩᠵᠢ ᠶᠢᠨ ᠭᠤᠪᠢ ᠶᠢᠨ ᠤᠯᠠᠭᠠᠨ ᠲᠡᠮᠡᠭᠡᠳ ᠪᠤᠳᠠᠷᠭᠠᠨ᠎ᠡ ᠰᠢᠭᠦᠷᠴᠦ ᠠᠯᠬᠤᠨ᠎ᠡ ᠴᠤᠭ ᠰᠢᠭ᠋ ᠨᠢᠲᠦ ᠲᠠᠢ ᠲᠤᠷᠮᠤᠭᠤᠷ ᠦᠬᠢᠨ ᠪᠤᠳᠤᠯ ᠳᠠᠭᠠᠨ ᠢᠴᠢᠩᠭᠦᠶᠢᠷᠡᠵᠦ ᠤᠯᠠᠶᠢᠨ᠎ᠡ ᠨᠠᠷᠡ ᠬᠤᠷᠭᠤᠳᠠᠭᠰᠠᠭᠠᠷ ᠵᠢᠷᠭᠠᠨ᠎ᠡ ᠰᠢᠢᠳᠦᠭᠰᠡᠨ ᠪᠤᠳᠤᠯ ᠳᠠᠭᠠᠨ ᠪᠠᠶᠠᠷᠯᠠᠭᠰᠡᠨ ᠪᠦᠰᠡᠭᠦᠢ ᠶᠢᠨ ᠴᠢᠷᠠᠢ ᠲᠤᠶᠠᠭᠠᠷᠠᠨ᠎ᠡ ᠰᠡᠳᠬᠢᠯ ᠤᠶᠠᠭᠠᠳᠠᠢ ᠨᠤᠳᠤᠭ ᠤᠨ ᠠᠭᠤᠯᠠ ᠨᠢ ᠲᠠᠯᠠᠯᠤᠵᠦ ᠪᠠᠶᠢᠬᠤ ᠰᠢᠭ᠋ ᠴᠡᠩᠭᠡᠷᠳᠦᠭᠡᠳ ᠰᠡᠯᠬᠢᠨ ᠳᠤ ᠦᠭᠡ ᠪᠠᠨ ᠵᠠᠬᠢᠭᠠᠳ ᠲᠡᠷᠪᠡᠭᠡᠳ ᠬᠦᠷᠬᠦ ᠶᠢ ᠰᠠᠨᠠᠨ᠎ᠡ ᠰᠠᠶᠢᠬᠠᠨ ᠬᠤᠶᠠᠷ ᠦᠷ᠎ᠡ ᠶᠢᠨ ᠢᠶᠠᠨ ᠵᠤᠯᠠᠢ ᠶᠢ ᠡᠭᠡᠯᠵᠢᠯᠡᠵᠦ ᠦᠨᠦᠷᠯᠡᠬᠦ ᠳᠤ ᠰᠠᠮᠰᠡ ᠨᠢ ᠱᠠᠷᠬᠢᠷᠠᠵᠦ ᠬᠠᠯᠠᠭᠤᠨ ᠨᠢᠯᠪᠦᠰᠦ ᠬᠤᠶᠠᠷ ᠨᠢᠲᠦ ᠶᠢ ᠨᠢ ᠪᠦᠷᠬᠦᠨ᠎ᠡ᠃      26 ᠲᠦᠷᠪᠠᠨ ᠤᠯᠠᠷᠢᠯ ᠤᠨ ᠬᠦᠭᠡ ᠰᠠᠯᠬᠢᠨ ᠳᠤ ᠭᠠᠩᠳᠠᠵᠦ ᠪᠤᠷᠤᠯᠠᠭᠰᠡᠨ ᠡᠪᠦᠭᠡᠨ ᠲᠦᠩᠭᠡᠵᠢ ᠤᠢ ᠬᠦᠷᠦᠭᠰᠡᠨ ᠨᠢᠯᠬ᠎ᠠ ᠦᠬᠢᠨ ᠢ ᠨᠠᠷᠡᠨ ᠳᠤ ᠲᠡᠪᠡᠷᠢᠵᠦ ᠭᠠᠷᠤᠨ᠎ᠡ ᠲᠡᠨᠲᠡᠷ ᠮᠡᠨᠲᠡᠷ ᠠᠯᠬᠤᠯᠠᠨ ᠮᠦᠷ ᠢᠶᠠᠷ ᠲᠠᠮᠠᠭᠠᠯᠠᠵᠦ ᠡᠬᠢᠯᠡᠬᠦ ᠨᠢ ᠲᠡᠷᠲᠡᠭᠡ ᠮᠢᠩᠭᠠᠨ ᠤ ᠬᠠᠳᠠᠨ ᠵᠢᠷᠤᠭ ᠠᠮᠢᠯᠠᠵᠦ ᠪᠠᠭᠤᠭᠰᠡᠨ ᠰᠠᠨᠠᠭᠳᠠᠨ᠎ᠡ ᠨᠠᠶᠢᠷᠠᠭ ᠤᠨ ᠠᠯᠳᠠᠨ ᠱᠠᠳ ᠠᠮᠤᠭᠤᠯᠠᠩ ᠲᠤᠳᠤᠷᠠᠭᠰᠡᠨ ᠮᠦᠷ ᠨᠠᠢᠮᠠᠨ ᠵᠠᠭᠤᠨ ᠵᠢᠯ ᠤᠨ ᠲᠡᠦᠭᠡ ᠶᠢ ᠴᠤᠪᠤᠭᠤᠯᠵᠦ ᠪᠢᠴᠢᠭᠰᠡᠨ ᠬᠠᠷᠠᠭᠳᠠᠨ᠎ᠡ ᠡᠷᠭᠡᠯᠵᠡᠭᠡ ᠦᠭᠡᠢ ᠬᠢᠰᠬᠢᠭᠰᠡᠨ ᠡᠬᠢᠨ ᠤ ᠮᠦᠷ ᠲᠠᠭᠠᠭᠠᠳ ᠢᠷᠡᠭᠦ ᠵᠠᠭᠤᠨ ᠢᠶᠠᠷ ᠲᠠᠭᠤᠯᠠᠳᠠᠭ ᠰᠦ ᠲᠠᠢ ᠴᠡᠴᠡᠭ ᠤᠷᠭᠤᠨ᠎ᠡ᠃       27 ᠬᠡᠦᠭᠡᠳ ᠪᠠᠭ᠎ᠠ ᠳᠠᠭᠠᠨ ᠨᠠᠶᠢᠷᠠᠭ ᠲᠤ ᠲᠤᠷᠠᠯᠠᠵᠦ ᠲᠡᠯᠡᠪᠴᠢ ᠪᠠᠨ ᠬᠦᠨᠳᠡᠭᠡᠵᠦ ᠰᠢᠷᠬᠠᠯᠠᠭᠰᠡᠨ ᠬᠦᠴᠦᠲᠦ ᠲᠡᠷᠡᠰᠦᠨ ᠤ ᠪᠠᠷᠲᠡᠮ ᠠᠭᠠᠭ ᠲᠤ ᠨᠠᠰᠦᠨ ᠤ ᠭᠠᠩᠭᠠᠩ ᠢ ᠰᠢᠳᠠᠭᠠᠭᠰᠡᠨ ᠬᠦᠭᠵᠢᠮ ᠰᠢᠭ ᠢᠷᠠᠭᠤᠬᠠᠨ ᠦᠬᠢᠳ ᠤᠨ ᠨᠢᠯᠪᠤᠰᠦᠨ ᠳᠤ ᠠᠮᠢᠳᠤᠷᠡᠯ ᠤᠨ ᠲᠠᠶᠢᠯᠦᠩᠭᠡᠢ ᠶᠢ ᠤᠷᠤᠰᠬᠠᠭᠰᠡᠨ ᠬᠦᠭᠰᠢᠷᠡᠬᠦ ᠶᠢᠨ ᠪᠤᠱᠤᠭᠠᠨ ᠳᠤ ᠬᠡᠨᠡᠳᠲᠡ ᠰᠡᠭᠡᠭᠡᠳ ᠰᠤᠯᠤᠭᠠᠢ ᠪᠠᠷ ᠲᠦᠷᠢᠵᠦ ᠤᠷᠤᠭᠰᠡᠨ ᠲᠠᠪᠬᠢᠨ ᠤᠳᠤᠬᠰᠡᠨ ᠣᠨ ᠴᠠᠭ ᠢᠶᠠᠨ ᠲᠠᠭᠤᠳᠠᠭᠠᠳ ᠲᠤᠭᠳᠠᠭᠠᠬᠤ ᠡᠰᠡᠬᠦ ᠶᠢ ᠬᠡᠨ ᠮᠡᠲᠡᠨ᠎ᠡ︖ ᠲᠠᠬᠢᠵᠦ ᠡᠷᠬᠢᠭᠰᠡᠨ ᠰᠠᠯᠬᠢᠨ ᠤ ᠵᠦᠭ ᠬᠠᠮᠢᠭ᠎ᠠ ᠠᠴᠠ ᠢᠯᠪᠢᠲᠡᠭ ᠢ ᠪᠤᠷᠬᠠᠨ ᠮᠡᠲᠡᠨ᠎ᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号