ᠪᠠᠶᠠᠨᠪᠤᠭᠲᠡ ᠤᠪᠤᠭ᠎ᠠ
ᠨᠡᠶᠢᠲᠡᠯᠡᠭᠰᠡᠨ ᠴᠠᠭ᠄
2019-04-29
     ᠪᠠᠳᠤᠬᠠᠭᠠᠯᠭ᠎ᠠ ᠠᠴᠠ ᠪᠠᠷᠠᠭᠤᠨ ᠬᠤᠶᠢᠰᠢ ᠲᠦᠴᠢᠨ ᠭᠠᠵᠠᠷ ᠤᠨ ᠪᠠᠷᠤᠭ ᠲᠤ ᠪᠠᠶᠠᠨᠴᠠᠭᠠᠨ ᠠᠭᠤᠯᠡ ᠶᠢᠨ ᠤᠷᠤᠢ ᠲᠡᠭᠡᠷ᠎ᠡ ᠲᠦᠩᠭᠦᠶᠢᠨ ᠬᠠᠷᠠᠬᠳᠠᠬᠤ ᠪᠦᠳᠦᠭᠦᠨ ᠤᠪᠤᠭ᠎ᠠ ᠶᠢ ᠪᠠᠶᠠᠨᠪᠤᠭᠲᠡ ᠤᠪᠤᠭ᠎ᠠ ᠬᠡᠨ᠎ᠡ᠂ ᠪᠠᠶᠠᠨᠪᠤᠭᠲᠡ ᠤᠪᠤᠭ᠎ᠠ ᠪᠤᠯ ᠤᠤᠯ ᠤᠨ ᠮᠤᠤᠮᠢᠩᠭᠠᠨ ᠬᠤᠰᠢᠭᠤᠨ᠂ ᠲᠠᠷᠬᠠᠨ ᠪᠡᠶᠢᠯᠡ ᠶᠢᠨ ᠬᠤᠰᠢᠭᠤᠨ ᠤ ᠵᠠᠭᠠᠭ ᠲᠡᠭᠡᠷ᠎ᠡ ᠪᠠᠶᠢᠷᠢᠯᠠᠬᠰᠡᠨ ᠨᠡᠷ᠎ᠡ ᠠᠯᠳᠠᠷ ᠲᠠᠢ ᠶᠡᠭᠡ ᠤᠪᠤᠭ᠎ᠠ ᠪᠤᠯᠬᠤ ᠶᠤᠮ᠃      ᠪᠠᠶᠠᠨᠪᠤᠭᠲᠡ ᠤᠪᠤᠭ᠎ᠠ᠂ ᠪᠠᠳᠺᠠᠷ ᠰᠦᠮ᠎ᠡ ᠶᠢᠨ ᠬᠤᠶᠢᠨ᠎ᠡ ᠪᠠᠶᠢᠬᠤ ᠭᠧᠮᠪᠠᠢ ᠤᠪᠤᠭ᠎ᠠ ᠬᠢᠭᠡᠳ ᠲᠤᠮᠳᠠᠲᠦ ᠮᠤᠩᠭᠤᠯ ᠤᠨ ᠬᠢᠯᠢ ᠲᠡᠭᠡᠷ᠎ᠡ ᠪᠠᠶᠢᠬᠤ ᠰᠤᠯᠤᠨ ᠬᠠᠶᠢᠷᠬᠠᠨ ᠨᠢ ᠪᠠᠷ᠎ᠡ ᠪᠠᠷ᠎ᠡ ᠪᠠᠨ ᠤᠯᠵᠦ ᠬᠠᠷᠠᠳᠠᠭ ᠲᠤᠯᠡ ᠡᠭᠡᠴᠢ ᠲᠠᠭᠦᠦ ᠭᠤᠷᠪᠠᠨ ᠤᠪᠤᠭ᠎ᠠ ᠭᠡᠲᠡᠭ ᠶᠤᠮ᠃ ᠪᠠᠶᠠᠨᠪᠤᠭᠲᠡ ᠤᠪᠤᠭ᠎ᠠ ᠪᠤᠯ ᠠᠯᠢ ᠡᠷᠲᠡ ᠠᠴᠠ ᠮᠤᠤᠮᠢᠩᠭᠠᠨ᠂ ᠲᠠᠷᠬᠠᠨ ᠪᠡᠶᠢᠯᠡ ᠬᠤᠶᠠᠷ ᠬᠤᠰᠢᠭᠤ ᠶᠢᠨ ᠲᠠᠬᠢᠵᠦ ᠪᠠᠶᠢᠬᠰᠡᠨ ᠤᠪᠤᠭ᠎ᠠ ᠶᠤᠮ᠃ ᠰᠡᠭᠦᠯᠡᠷ ᠨᠢ ᠠᠭᠤᠷᠬᠠᠢ ᠨᠡᠭᠡᠭᠡᠬᠦ ᠰᠢᠯᠳᠠᠭᠠᠨ  ᠠᠴᠠ ᠪᠤᠯᠵᠦ᠂ ᠪᠠᠶᠠᠨᠴᠠᠭᠠᠨ ᠠᠭᠤᠯᠠ ᠶᠢᠨ ᠤᠷᠤᠢ ᠲᠡᠭᠡᠷ᠎ᠡ ᠨᠡᠭᠦᠯᠭᠡᠨ ᠠᠪᠴᠢᠷᠠᠭᠠᠳ ᠪᠠᠰᠡ ᠪᠠᠶᠠᠨᠪᠤᠬᠲᠡ ᠤᠪᠤᠭ᠎ᠠ ᠭᠡᠵᠦ ᠲᠠᠭᠤᠳᠠᠬᠰᠠᠭᠠᠷ ᠢᠷᠡᠵᠠᠢ᠃      ᠮᠤᠤᠮᠢᠩᠭᠠᠨ ᠬᠤᠰᠢᠭᠤᠨ ᠤ ᠲᠡᠭᠡᠳᠤᠰ ᠤᠨ ᠨᠢᠭᠡ ᠪᠤᠯᠬᠤ ᠬᠦᠮᠦ ᠪᠠᠭᠠᠳᠤᠷ 1664 ᠤᠨ ᠤ ᠦᠶᠡᠰ ᠢᠶᠠᠷ ᠨᠠᠰᠦ ᠪᠠᠷᠠᠵᠦ᠂ ᠮᠤᠤᠮᠢᠩᠭᠠᠨᠴᠤᠳ 1886 ᠤᠨ ᠳᠤ ᠠᠶᠢᠪᠠᠭ᠎ᠠ ᠭᠤᠤᠯ ᠤᠨ ᠡᠬᠢᠨ ᠳᠤ ᠨᠡᠭᠦᠵᠦ ᠢᠷᠡᠭᠡᠳ ᠭᠠᠵᠠᠷ  ᠤᠨ ᠰᠠᠶᠢᠨ ᠢ ᠰᠤᠩᠭᠤᠵᠦ᠂ ᠤᠮᠠᠢ ᠪᠠᠶᠠᠨ ᠠᠭᠤᠯᠡ ᠶᠢᠨ ᠤᠷᠤᠢ ᠲᠡᠭᠡᠷ᠎ᠡ ᠤᠪᠤᠭ᠎ᠠ ᠪᠤᠰᠬᠠᠨ ᠲᠠᠭᠦᠨ ᠤ ᠬᠤᠶᠠᠷ ᠲᠤᠭᠤᠯᠠᠭ᠎ᠠ᠂ ᠰᠠᠯᠡᠮ᠎ᠡ ᠶᠢ ᠨᠢ ᠪᠤᠩᠬᠤᠯᠠᠵᠦ ᠲᠠᠬᠢᠯᠭ᠎ᠠ ᠲᠠᠢ ᠤᠪᠤᠭ᠎ᠠ ᠪᠤᠯᠭᠠᠨ ᠪᠠᠶᠠᠨᠪᠤᠭᠲᠡ ᠭᠡᠵᠦ ᠨᠡᠷᠡᠯᠡᠪᠡ᠃      ᠲᠠᠷᠬᠠᠨ ᠪᠡᠶᠢᠯᠡ ᠶᠢᠨ ᠬᠤᠰᠢᠭᠤᠨ ᠤ ᠨᠤᠨᠤᠢ ᠴᠢᠨ ᠸᠠᠩ᠂ ᠮᠠᠨᠵᠦ ᠶᠢᠨ ᠴᠡᠷᠢᠭ ᠢ ᠲᠠᠮᠵᠢᠨ 1696 ᠤᠨ ᠤ ᠵᠠᠭᠤᠨ ᠮᠤᠳᠤᠨ ᠤ ᠲᠠᠶᠢᠨ ᠳᠤ ᠤᠷᠤᠯᠴᠠᠵᠦ᠂ ᠭᠠᠯᠳᠠᠨ ᠪᠤᠱᠤᠭᠲᠦ ᠶᠢ ᠲᠠᠶᠢᠯᠠᠵᠦ ᠶᠡᠭᠡ ᠭᠠᠪᠢᠶ᠎ᠡ ᠪᠠᠶᠢᠭᠤᠯᠤᠨ᠂ ᠮᠠᠨᠵᠦ ᠶᠢᠨ ᠶᠡᠭᠡ ᠵᠠᠩᠵᠤᠨ ᠫᠢᠶᠠᠩᠭᠤ ᠶᠢᠨ ᠱᠠᠩᠨᠠᠬᠰᠡᠨ ᠯᠤᠤ ᠶᠢᠨ ᠬᠤᠸᠠᠷ ᠲᠠᠢ ᠭᠤᠷᠪᠠᠯᠵᠢᠨ ᠴᠠᠭᠠᠨ ᠲᠤᠭ ᠢᠶᠠᠨ ᠪᠠᠶᠠᠨᠪᠤᠭᠲᠡ ᠶᠢᠨ ᠤᠪᠤᠭᠠᠨ ᠤ ᠡᠮᠦᠨ᠎ᠡ ᠬᠠᠳᠬᠤᠵᠦ ᠶᠡᠭᠡ ᠲᠠᠬᠢᠯᠭ᠎ᠠ ᠬᠢᠵᠦ᠂ ᠲᠠᠷᠬᠠᠨ ᠪᠡᠶᠢᠯᠡ ᠶᠢᠨ ᠬᠤᠰᠢᠭᠤᠨ  ᠳᠤ ᠭᠤᠷᠪᠠᠨ ᠵᠢᠯ ᠳᠤ ᠨᠢᠭᠡ ᠤᠳᠠᠭ᠎ᠠ ᠡᠭᠡᠯᠵᠢᠯᠠᠨ ᠲᠠᠬᠢᠳᠠᠭ ᠬᠤᠰᠢᠭᠤ ᠤᠪᠤᠭᠠᠨ ᠤ ᠪᠠᠨ ᠨᠢᠭᠡ ᠪᠤᠯᠭᠠᠵᠠᠢ᠃ ᠡᠶᠢᠮᠦ ᠠᠴᠠ ᠬᠤᠶᠠᠷ ᠬᠤᠰᠢᠭᠤᠨ ᠤ ᠲᠠᠬᠢᠯᠭ᠎ᠠ ᠲᠠᠢ ᠪᠤᠬᠲᠡ ᠬᠠᠶᠢᠷᠬᠠᠨ ᠤᠪᠤᠭ᠎ᠠ ᠬᠡᠮᠡᠨ ᠠᠯᠳᠠᠷᠰᠢᠬᠰᠡᠨ ᠪᠢᠯᠡ᠃      ᠪᠠᠶᠠᠨᠪᠤᠭᠲᠡ ᠤᠪᠤᠭ᠎ᠠ ᠨᠢ ᠭᠤᠷᠪᠠᠨ ᠲᠡᠯ᠎ᠡ ᠳᠤ ᠪᠠᠨ ᠪᠢᠴᠢᠬᠠᠨ ᠴᠢᠬᠢ ᠤᠪᠤᠭ᠎ᠠ ᠲᠠᠢ᠂ ᠭᠤᠤᠯ ᠪᠦᠲᠦᠭᠦᠨ ᠤᠪᠤᠭ᠎ᠠ ᠨᠢ ᠭᠤᠷᠪᠠᠨ ᠲᠡᠭᠲᠡᠷ᠂ ᠤᠷᠤᠢ ᠲᠡᠭᠡᠷ᠎ᠡ ᠪᠠᠨ ᠭᠠᠨᠵᠢᠶ᠎ᠡ ᠲᠠᠢ᠂ ᠡᠮᠦᠨ᠎ᠡ ᠲᠡᠯ᠎ᠡ ᠳᠤ ᠪᠠᠨ ᠰᠦᠯᠲᠡ ᠰᠡᠷᠢᠶ᠎ᠡ  ᠲᠠᠢ᠂ ᠪᠠᠰᠡ ᠨᠢᠭᠡᠨ ᠬᠠᠪᠳᠠᠭᠠᠢ ᠴᠢᠯᠠᠭᠤᠨ ᠲᠡᠭᠡᠷ᠎ᠡ ᠭᠤᠷᠪᠠᠨ ᠮᠦᠷ ᠲᠦᠪᠡᠳ ᠦᠰᠦᠭ ᠢᠶᠠᠷ ᠪᠢᠴᠢᠭᠰᠡᠨ ᠮᠠᠨᠢ ᠶᠢᠨ ᠦᠰᠦᠭ ᠲᠠᠢ ᠪᠠᠶᠢᠬᠰᠡᠨ ᠶᠤᠮ᠃ ᠲᠡᠷᠡᠭᠡᠨ ᠵᠢᠯ ᠪᠠᠳᠤᠬᠠᠭᠠᠯᠭ᠎ᠠ ᠰᠦᠮ᠎ᠡ ᠶᠢᠨ ᠶᠡᠭᠡ ᠨᠤᠮ ᠲᠠᠢ ᠯᠠᠮᠠ ᠭᠤᠩᠴᠤᠬᠨᠢᠮ᠎ᠡ ᠠᠮᠢᠲᠦ ᠰᠡᠷᠡᠭᠦᠨ ᠪᠠᠶᠢᠬᠤ ᠳᠤ ᠪᠠᠨ ᠲᠠᠶᠢᠯᠪᠦᠷᠢ ᠬᠢᠭᠰᠡᠨ ᠨᠢ᠄ ︽ᠤᠮ ᠠ ᠷᠠ ᠪᠡ ᠽᠠ ᠨᠠ ᠳ᠋ᠢ︾ ᠬᠡᠲᠡᠭ ᠲᠡᠭᠡᠷ᠎ᠡ ᠮᠦᠷ ᠤᠨ ᠦᠰᠦᠭ ᠪᠤᠯ ᠮᠠᠷᠽᠢ ᠶᠢᠨ ᠲᠠᠷᠨᠢ — ᠡᠩᠭᠡ ᠰᠠᠶᠢᠬᠠᠨ ᠵᠤᠯ ᠵᠢᠷᠭᠠᠯ ᠢ ᠬᠦᠰᠡᠨ ᠲᠤᠬᠳᠠᠭᠠᠬᠤ ᠤᠴᠢᠷ ᠲᠤ᠃ ︽ᠤᠮ ᠮᠠ ᠨᠢ ᠪᠠᠳ ᠮᠠᠢ ᠬᠤᠩ︾ ᠭᠡᠲᠡᠭ ᠲᠤᠮᠲᠡ ᠮᠦᠷ ᠤᠨ ᠦᠰᠦᠭ ᠨᠢ ᠵᠠᠯᠪᠠᠷᠢᠯ ᠢᠷᠦᠭᠡᠯ ᠤᠨ ᠤᠴᠢᠷ ᠲᠤ᠃ ︽ᠤᠮ ᠪᠠᠽᠠᠷ ᠪᠠᠨᠢ ᠬᠤᠩ ᠫᠠᠳ︾ ᠭᠡᠲᠡᠭ ᠲᠤᠤᠷ᠎ᠡ ᠮᠦᠷ ᠤᠨ ᠦᠰᠦᠭ ᠨᠢ ᠴᠠᠬᠳᠠᠷ ᠪᠤᠷᠬᠠᠨ ᠤ ᠲᠠᠷᠨᠢ᠂ ᠭᠠᠵᠠᠷ ᠤᠰᠤᠨ ᠤ ᠡᠵᠡᠨ ᠪᠤᠯᠵᠦ᠂ ᠠᠳᠠ ᠴᠢᠳᠭᠦᠷ ᠠᠯᠢᠪᠡ ᠮᠠᠭᠤ ᠶᠢ ᠲᠠᠷᠤᠬᠤ ᠤᠴᠢᠷ ᠲᠤ ᠶᠤᠮ ᠭᠡᠵᠡᠢ᠃ ᠤᠪᠤᠭᠠᠨ ᠲᠡᠭᠡᠷ᠎ᠡ ᠪᠠᠰᠡ ᠨᠢᠭᠡ ᠮᠤᠩᠭᠤᠯ ᠦᠰᠦᠭ ᠲᠠᠢ ᠵᠦᠩ ︵ᠪᠦᠲᠦᠭᠦᠨ ᠰᠢᠷᠠᠮᠦᠨ ᠬᠤᠩᠬᠤ︶ ᠪᠠᠶᠢᠬᠰᠡᠨ ᠶᠤᠮ᠃      1953 ᠤᠨ ᠤ 6 ᠰᠡᠷ᠎ᠡ ᠶᠢᠨ 15 ᠤ ᠡᠳᠤᠷ᠂ ᠲᠡᠭᠡᠷ᠎ᠡ ᠱᠠᠳᠤᠨ ᠠᠴᠠ ᠪᠠᠶᠠᠨᠪᠤᠭᠲᠡ ᠶᠢᠨ ᠠᠭᠤᠯᠠᠨ ᠤ ᠲᠠᠮᠦᠷ ᠤᠨ ᠠᠭᠤᠷᠬᠠᠢ ᠶᠢ ᠨᠡᠭᠡᠭᠡᠨ ᠠᠰᠢᠬᠯᠠᠵᠦ᠂ ᠪᠤᠭᠤᠲᠦ ᠶᠢᠨ ᠪᠤᠯᠤᠳ ᠲᠠᠮᠦᠷ ᠤᠨ ᠺᠤᠮᠫᠠᠨᠢ ᠶᠢᠨ ᠡᠬᠢ ᠮᠠᠲ᠋ᠧᠷᠢᠶᠡᠯ ᠤᠨ ᠰᠠᠭᠤᠷᠢᠨ ᠭᠠᠵᠠᠷ ᠪᠤᠯᠭᠠᠬᠤ ᠬᠡᠵᠡᠢ᠃ ᠬᠡᠪᠡᠴᠦ ᠪᠠᠰᠡ ᠲᠤᠬᠠᠢ ᠶᠢᠨ ᠭᠠᠵᠠᠷ ᠤᠷᠤᠨ ᠤ ᠵᠠᠩ ᠲᠡᠳᠬᠠᠯ ᠪᠡ ᠮᠠᠯᠴᠢᠨ ᠲᠦᠮᠡᠨ ᠤ ᠰᠦᠰᠦᠭ ᠪᠢᠰᠢᠷᠡᠯ ᠪᠤᠯᠤᠨ ᠪᠠᠶᠢᠭᠠᠯᠢ ᠤᠷᠴᠢᠨ ᠳᠤ ᠪᠠᠨ ᠬᠠᠶᠢᠷᠠᠳᠠᠢ ᠰᠡᠳᠬᠢᠯᠭᠡ  ᠶᠢ ᠬᠠᠷᠠᠭᠠᠯᠵᠠᠨ᠂ ᠤᠯᠠᠭᠠᠨᠴᠡᠪ ᠠᠶᠢᠮᠠᠭ ᠤᠨ ᠲᠠᠷᠤᠭ᠎ᠠ ᠪᠢᠯᠢᠭᠪᠡᠭᠠᠳᠤᠷ ᠠᠴᠠ ᠲᠡᠷᠢᠭᠦᠯᠡᠨ᠂ ᠬᠤᠰᠢᠭᠤᠨ ᠤ ᠨᠠᠮ ᠵᠠᠰᠠᠭ ᠤᠨ ᠤᠳᠤᠷᠢᠳᠤᠯᠭ᠎ᠠ ᠪᠤᠯᠤᠨ ᠮᠠᠯᠴᠢᠨ ᠲᠦᠮᠡᠨ ᠤᠷᠤᠯᠴᠠᠭᠰᠡᠨ ᠦᠪᠡᠲᠡᠭᠰᠢ ᠶᠡᠭᠡ ᠬᠦᠷ ᠬᠦᠭᠵᠢᠶᠠᠨ ᠲᠠᠢ ᠤᠪᠤᠭ᠎ᠠ ᠰᠢᠯᠵᠢᠭᠦᠯᠦᠨ ᠨᠡᠭᠦᠯᠭᠡᠬᠦ ᠶᠤᠰᠤᠯᠠᠯ ᠬᠢᠵᠦ᠂ ᠯᠠᠮᠠ ᠨᠠᠷ ᠢᠶᠠᠷ ᠭᠤᠷᠪᠠᠨ ᠡᠳᠤᠷ ᠭᠤᠷᠪᠠᠨ ᠰᠦᠨᠢ ᠨᠤᠮ ᠤᠩᠰᠢᠭᠤᠯᠵᠦ᠂ ᠪᠠᠶᠠᠨᠪᠤᠭᠲᠡ ᠶᠢᠨ ᠤᠪᠤᠭ᠎ᠠ ᠶᠢ ᠤᠳᠤ ᠶᠢᠨ ᠵᠢᠮᠢᠰᠲᠠᠢ ᠠᠭᠤᠯᠡ ᠶᠢᠨ ᠪᠠᠷᠠᠭᠤᠨ ᠲᠡᠭᠡᠷᠡᠬᠢ ᠪᠠᠶᠠᠨᠴᠠᠭᠠᠨ ᠠᠭᠤᠯᠠ ᠶᠢᠨ ᠤᠷᠤᠢ ᠲᠡᠭᠡᠷ᠎ᠡ ᠰᠢᠯᠵᠢᠭᠦᠯᠦᠨ᠂ ᠮᠦᠨ ᠪᠤᠶᠠᠨᠪᠤᠭᠲᠡ ᠤᠪᠤᠭ᠎ᠠ ᠬᠡᠰᠡᠨ ᠤᠤᠯ ᠨᠡᠷ᠎ᠡ ᠪᠠᠷ  ᠨᠢ ᠨᠠᠷᠡᠯᠡᠨ ᠲᠠᠭᠤᠳᠠᠵᠦ᠂ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠲᠠᠬᠢᠯᠭ᠎ᠠ ᠶᠢᠨ ᠤᠪᠤᠭ᠎ᠠ ᠪᠤᠯᠭᠠᠵᠦ᠂ ᠵᠢᠯ ᠪᠦᠷᠢ ᠨᠢᠭᠡ ᠤᠳᠠᠭ᠎ᠠ ᠶᠡᠭᠡ ᠲᠠᠬᠢᠯᠭ᠎ᠠ ᠡᠷᠬᠢᠯᠡᠲᠡᠭ ᠪᠤᠯᠤᠭᠰᠡᠨ ᠶᠤᠮ᠃                                                                                ᠨᠠᠶᠢᠷᠠᠭᠤᠯᠤᠭᠴᠢ᠄ ᠤᠶᠠᠬᠠᠨ                                        ᠨᠡᠪᠲᠡᠷᠡᠭᠦᠯᠦᠭᠴᠢ᠄ ᠪᠠᠳᠠᠷᠠᠬᠤ                                        ᠬᠦᠢᠴᠡᠳᠭᠡᠭᠴᠢ ᠬᠢᠨᠠᠬᠴᠢ᠄ ᠸᠠᠩ ᠸᠧᠨ ᠶᠢᠩ                                        ᠶᠡᠷᠦᠩᠬᠡᠢ ᠬᠢᠨᠠᠬᠴᠢ᠄ ᠵᠠᠩ ᠭᠦᠢ ᠵᠧᠨ                                  ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号