ᠠᠷᠭᠠᠮᠵᠢᠶᠠᠲᠦ ᠨᠤᠳᠤᠭ ᠤᠨ ᠠᠨᠢᠷᠬᠠᠨ ᠪᠠᠷ᠎ᠡ
ᠨᠡᠶᠢᠲᠡᠯᠡᠭᠰᠡᠨ ᠴᠠᠭ᠄
2019-04-26
                                               ᠸᠧᠢ ᠰᠢᠭᠤᠢ     ᠲᠡᠭᠦᠭᠰᠡᠨ ᠠᠷᠭᠠᠯ ᠤᠪᠤᠭ᠎ᠠ ᠲᠠᠢ ᠪᠠᠨ   ᠦᠪ ᠮᠢᠨᠢ ᠲᠡᠨᠲᠡ ᠪᠠᠶᠢᠳᠠᠭ   ᠲᠦᠷᠦᠯᠬᠢ ᠬᠡᠯᠡ ᠤᠴᠤᠭ ᠲᠠᠢ ᠪᠠᠨ   ᠰᠦᠨᠡᠰᠦ ᠮᠢᠨᠢ ᠲᠡᠨᠲᠡ ᠪᠠᠶᠢᠳᠠᠭ     ᠤᠷᠤᠰᠬᠠᠯ ᠦᠭᠰᠦᠨ ᠰᠠᠵᠢᠯᠠᠳᠠᠭ   ᠱᠠᠩᠰᠢ ᠶᠢᠨ ᠰᠦᠷ ᠲᠡᠭᠡᠨ ᠵᠠᠯᠪᠠᠷᠢᠵᠦ   ᠤᠷᠭᠤᠬᠤ ᠦᠦᠷ ᠢᠶᠠᠷ ᠤᠬᠢᠶᠠᠬᠳᠠᠭᠰᠡᠨ   ᠤᠪᠤᠭᠠᠨ ᠳᠠᠭᠠᠨ ᠴᠢᠯᠠᠭᠤ ᠨᠡᠮᠡᠭᠰᠡᠨ   ᠤᠯᠠᠷᠢᠯ ᠲᠠᠮᠨᠠᠬᠰᠡᠨ ᠰᠢᠪᠠᠭᠤᠳ ᠤᠨ   ᠲᠠᠭᠤ ᠶᠢ ᠨᠢ ᠬᠤᠴᠤᠷᠭᠠᠨ ᠨᠢᠯᠪᠤᠰᠤᠷᠠᠵᠦ   ᠤᠰᠤᠨ ᠳᠤ ᠲᠤᠰᠬᠤ ᠰᠡᠭᠦᠲᠡᠷ ᠢ ᠨᠢ   ᠮᠦᠷᠦᠭᠡᠳᠤᠯ ᠤᠨ ᠬᠠᠶ᠋ᠢᠭ ᠢᠶᠠᠷ ᠠᠳᠡᠭᠦᠷᠡᠭᠰᠡᠨ     ᠵᠡᠷᠭᠡᠯᠭᠡᠨᠲᠦ ᠬᠦᠲᠦᠯ ᠤᠨ ᠴᠠᠭᠠᠨᠠᠬᠢ ᠰᠠᠷᠡᠨ ᠤ ᠪᠠᠭᠤᠴᠡ ᠶᠢ ᠬᠠᠶᠢᠬᠰᠠᠭᠠᠷ   ᠵᠠᠭᠦᠲᠦ ᠰᠤᠪᠢᠩ ᠲᠠᠢ ᠦᠳᠡᠰᠢ ᠪᠠᠷ   ᠲᠡᠯᠡᠪᠴᠢ ᠲᠠᠢ ᠶᠤᠮ ᠰᠢᠭ᠋ ᠲᠤᠮᠤᠬᠴᠢᠯᠠᠬᠰᠡᠨ   ᠵᠡᠯᠢᠭᠦᠳ ᠬᠡᠭᠡᠷ᠎ᠡ ᠶᠢᠨ ᠡᠪᠡᠰᠦᠨ ᠠᠴᠠ ᠨᠡᠭᠦᠲᠡᠯ ᠤᠨ ᠰᠤᠷᠠᠭ ᠴᠢᠩᠨᠠᠬᠰᠠᠭᠠᠷ   ᠵᠡᠯ᠎ᠡ ᠳᠤ ᠤᠶᠠᠭᠠᠳᠠᠢ ᠬᠦᠯᠦᠭ ᠤᠨ ᠵᠢᠷᠢᠮ ᠢ ᠨᠢ ᠴᠢᠩᠭᠠᠯᠠᠨ ᠬᠦᠯᠢᠶᠡᠭᠰᠡᠨ   ᠭᠠᠭᠴᠠᠭᠠᠨ ᠤᠯᠳᠠᠭᠰᠡᠨ ᠦᠮᠴᠢ ᠭᠡᠵᠦ   ᠠᠯᠠᠭᠠᠨ ᠳᠠᠭᠠᠨ ᠪᠢᠲᠡᠭᠦᠯᠡᠨ ᠬᠠᠷᠠᠮᠨᠠᠭᠠᠳ   ᠭᠠᠯᠪᠡ ᠶᠢᠨ ᠲᠡᠷᠳᠡᠭᠡ ᠤᠷᠤᠰᠢᠬᠰᠡᠨ ᠴᠦ ᠴᠠᠢ ᠶᠢᠨ ᠬᠦᠷᠦᠩᠭᠡ ᠪᠠᠨ ᠬᠢᠲᠡᠭ   ᠭᠠᠵᠢ ᠬᠡᠮ ᠢ ᠦᠯᠲᠡᠭᠴᠢ ᠪᠦᠪᠡᠢ ᠶᠢᠨ ᠲᠠᠭᠤᠤ ᠪᠠᠷ ᠠᠷᠢᠭᠤᠰᠬᠠᠭᠳᠠᠨ   ᠭᠠᠭᠴᠠᠭᠠᠷᠲᠡᠯ ᠤᠨ ᠬᠦᠢᠲᠡᠨ ᠬᠦᠪ ᠲᠤ ᠴᠦ ᠲᠤᠯᠠᠭᠠᠬᠠᠨ ᠦᠨᠵᠢᠲᠡᠭ ᠲᠡᠯᠡᠭᠡᠢ   ᠴᠡᠭᠡᠯ ᠤᠨ ᠬᠦᠨ ᠢ ᠠᠨᠳᠠᠭᠤᠷᠠᠵᠦ ᠨᠠᠷᠡᠨ ᠤ ᠰᠠᠴᠤᠷᠠᠭ ᠢ ᠱᠦᠭᠦᠭᠦ ᠳᠤ   ᠴᠡᠭᠡ ᠶᠢᠨ ᠠᠮᠳᠠᠳᠠᠢ ᠤᠰᠤ ᠵᠠᠯᠬᠢᠯᠠᠵᠦ ᠪᠠᠶᠢᠬᠰᠡᠨ ᠨᠢ ᠲᠤᠷᠠᠳᠬᠠᠯ   ᠴᠡᠮᠴᠡᠭᠡᠷ ᠬᠡᠦᠭᠡᠨ ᠤ ᠨᠢᠳᠤᠨ ᠳᠤ ᠲᠤᠷᠠᠯᠠᠯ ᠢᠶᠠᠨ ᠠᠯᠳᠠᠨ ᠵᠢᠪᠦᠬᠦᠯᠦᠭᠡᠳ   ᠴᠡᠩᠭᠡᠷ ᠲᠤᠷᠭᠠᠨ ᠠᠯᠴᠢᠭᠤᠷ ᠢᠶᠠᠨ ᠪᠤᠯᠵᠤᠭᠠᠨ ᠳᠤ ᠵᠠᠩᠬᠢᠳᠤᠬᠰᠡᠨ ᠨᠢ ᠡᠷᠬᠢᠴᠡᠭᠦᠯᠦᠯ   ᠲᠦᠷᠪᠠᠨ ᠴᠠᠭ ᠤᠨ ᠰᠠᠯᠬᠢᠨ ᠦᠨᠳᠦᠷᠯᠢᠭ ᠢᠶᠠᠨ ᠶᠤᠪᠤᠷᠤᠬᠰᠡᠨ ᠠᠶᠠᠰ ᠢᠶᠠᠷ   ᠲᠡᠪᠡᠯ ᠲᠠᠢ ᠬᠦᠦ ᠶᠢᠨ ᠲᠤᠤᠯᠢ ᠵᠠᠮᠬᠠᠷᠠᠬᠤ ᠦᠭᠡᠢ ᠲᠤᠭᠤᠯᠳᠠᠳᠠᠭ ᠠᠨᠢᠷ ᠲᠠᠢ   ᠲᠦᠷᠦᠭᠡᠨ ᠠᠴᠠ ᠰᠤᠨᠤᠯᠵᠠᠭᠰᠡᠨ ᠠᠶᠠᠨ ᠨᠠᠰᠤᠨ ᠤ ᠲᠠᠮᠠᠤᠯᠡᠯ ᠬᠦᠪᠴᠢᠯᠡᠬᠦ ᠠᠴᠠ   ᠲᠡᠩᠳᠡᠭᠦᠦ ᠠᠪᠰᠠᠷᠬᠠᠨ ᠵᠠᠢ ᠰᠠᠴᠢᠭ ᠤᠨ ᠦᠰᠦᠨ ᠳᠤ ᠵᠢᠷᠤᠬᠳᠠᠭᠰᠡᠨ     ᠬᠡᠪᠡᠯᠢ ᠠᠴᠠ ᠤᠨᠠᠭᠰᠡᠨ ᠠᠩᠬᠠᠨ ᠤ ᠬᠤᠷᠤᠮ ᠬᠡᠭᠡᠷ᠎ᠡ ᠶᠢᠨ ᠰᠢᠷᠤᠢ ᠤᠪᠤᠯᠵᠠᠳᠠᠭ   ᠬᠡᠵᠢᠶ᠎ᠡ ᠢᠷᠡᠭᠰᠡᠨ ᠴᠦ ᠨᠤᠳᠤᠭ ᠲᠠᠢ ᠭᠡᠵᠦ ᠬᠡᠲᠡ ᠶᠢᠨ ᠭᠠᠯ ᠴᠠᠬᠢᠯᠳᠠᠭ     ᠲᠦᠮᠡᠨ ᠤᠨ ᠤ ᠨᠤᠶᠠᠨ ᠰᠠᠷᠢᠳᠠᠭ ᠤᠨ ᠲᠦᠯᠬᠢᠭᠦᠷ ᠤᠨ ᠨᠢᠭᠤᠴᠡ ᠬᠡᠪ   ᠲᠦᠭᠡᠮᠡᠯ ᠬᠠᠶᠢᠷ᠎ᠡ ᠶᠢᠨ ᠪᠤᠳᠠᠯᠠᠩᠲᠦ ᠤᠷᠤᠨ ᠤ ᠠᠷᠰᠢ ᠶᠢᠨ ᠠᠮᠤᠭᠤᠯᠠᠩ ᠵᠢᠷᠦᠭᠡ   ᠲᠦᠷᠦᠯ ᠲᠦᠷᠦᠯ ᠳᠡᠭᠡᠨ ᠬᠦᠢ ᠵᠠᠯᠭᠠᠬᠤ ᠲᠦᠰᠢᠭ ᠰᠦᠮᠪᠦᠷᠯᠡᠬᠦ ᠭᠡᠦᠭᠡᠨ ᠬᠡᠪᠳᠠᠰᠢ   ᠲᠦᠪᠡᠭᠲᠡᠯ ᠲᠤᠭᠤᠯᠬᠤ ᠳᠤ ᠡᠷᠴᠢ ᠨᠡᠮᠡᠳᠡᠭ ᠨᠠᠮᠠᠨᠴᠢᠯᠠᠯ ᠤᠨ ᠵᠦᠩ ᠬᠠᠨᠳᠤᠰᠢ   ᠪᠤᠴᠠᠴᠦ ᠨᠢᠰᠬᠦ ᠪᠠᠷ ᠪᠤᠳᠤᠯ ᠳᠠᠭᠠᠨ ᠤᠬᠢᠯᠠᠳᠠᠭ ᠡᠭᠦᠷ ᠵᠦᠭ ᠤᠨ ᠰᠢᠪᠠᠭᠤ   ᠪᠤᠳᠤᠭ ᠠᠷᠢᠯᠪᠠᠴᠦ ᠤᠳᠤᠨ ᠠᠷᠢᠯᠬᠤ ᠦᠭᠡᠢ   ᠪᠤᠰᠤᠭ᠎ᠠ ᠰᠦᠯᠲᠡ ᠶᠢᠨ ᠨᠤᠶᠠᠨ ᠨᠢᠷᠤᠭᠤ   ᠪᠤᠷᠬᠠᠨ ᠠᠴᠠ ᠬᠠᠷᠠᠮᠨᠠᠳᠠᠭ ᠠᠮᠢᠨ ᠰᠠᠬᠢᠶ᠎ᠡ   ᠲᠠᠨᠲᠡ ᠨᠡᠪᠴᠢᠲᠡᠭ ᠤᠴᠢᠷ   ᠪᠤᠭᠤᠷᠤᠯ ᠪᠤᠯᠳᠠᠯ᠎ᠡ   ᠶᠠᠰᠤᠨ ᠠᠴᠠ ᠬᠡᠯᠬᠢᠲᠡᠭ ᠴᠢᠨᠠᠷ ᠤᠨ ᠮᠢᠨᠢ ᠠᠷᠭᠠᠮᠵᠢᠶ᠎ᠡ   ᠪᠤᠬᠲᠡ ᠪᠠᠷ ᠲᠡᠭᠡᠳᠤᠯᠡᠭᠳᠠᠪᠡᠴᠦ   ᠰᠡᠳᠬᠢᠯ ᠳᠤ ᠤᠶᠢᠷᠠᠬᠠᠨ ᠨᠤᠳᠤᠭ ᠤᠨ ᠪᠠᠷ᠎ᠡ ᠮᠢᠨᠦ᠃
 
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号