ᠴᠡᠩᠭᠡᠷ ᠲᠤᠷᠣᠨ᠎ᠡ ᠶᠢᠨ ᠲᠡᠭᠷᠢ ᠶᠢ ᠬᠦᠨᠲᠡᠵᠦ ᠦᠯᠦ ᠪᠤᠯᠤᠶᠦ
ᠨᠡᠶᠢᠲᠡᠯᠡᠭᠰᠡᠨ ᠴᠠᠭ᠄
2019-04-18
                                   ᠨᠢ᠊᠂ ᠡᠷᠲᠡᠨᠢᠪᠠᠭᠠᠳᠤᠷ    ᠴᠡᠩᠭᠡᠷ ᠲᠤᠷᠤᠨ᠎ᠡ ᠶᠢᠨ ᠲᠡᠭᠷᠢ ᠶᠢ ᠬᠦᠨᠳᠡᠵᠦ ᠦᠯᠦ ᠪᠤᠯᠤᠶᠦ  ᠴᠡᠭᠡᠯ ᠳᠤ ᠤᠷᠴᠢᠬᠤ ᠨᠠᠷᠠ ᠰᠠᠷᠠᠨ ᠤ ᠤᠷᠭᠤᠵᠦ ᠵᠢᠷᠭᠠᠬᠤ ᠶᠢᠨ ᠪᠤᠯᠵᠤᠯ ᠲᠠᠢ  ᠴᠢᠭ ᠢᠶᠠᠨ ᠠᠯᠳᠠᠪᠡᠯ ᠴᠠᠮᠬᠠᠬᠯᠠᠳᠠᠭ ᠠᠯᠳᠠᠨ ᠭᠠᠳᠠᠰᠦ ᠶᠢᠨ ᠭᠡᠷᠡᠯ ᠲᠠᠢ  ᠴᠡᠪᠡᠷ ᠠᠮᠢᠰᠬᠤᠯ ᠱᠠᠩᠨᠠᠭᠰᠡᠨ ᠡᠷᠡᠭᠦᠯ ᠠᠭᠠᠷ ᠤᠨ ᠬᠦᠷᠲᠡᠭᠡᠯ ᠲᠠᠢ  ᠴᠡᠷᠪᠡᠵᠦ ᠬᠦᠷᠦᠰᠢ ᠦᠭᠡᠢ ᠠᠭᠤᠳᠠᠮ ᠳᠤᠨᠢ ᠤᠷᠠᠨ ᠰᠢᠪᠠᠭᠤᠳ ᠤᠨ ᠲᠡᠭᠦᠯᠢᠯ ᠲᠠᠢ  ᠴᠡᠩᠭᠡᠷ ᠲᠤᠷᠤᠨ᠎ᠡ ᠶᠢᠨ ᠲᠡᠭᠷᠢ ᠶᠢ ᠬᠦᠨᠲᠡᠵᠦ ᠦᠯᠦ ᠪᠤᠯᠤᠶᠦ  ᠴᠡᠨᠡᠭ ᠲᠠᠢ ᠫᠤᠤ ᠶᠢᠨ ᠰᠤᠮᠤ ᠪᠠᠷ ᠰᠤᠴᠢᠭᠠᠵᠦ ᠦᠯᠦ ᠪᠤᠯᠤᠶᠦ  ᠴᠡᠴᠡᠭ ᠤᠨ ᠰᠤᠯᠤᠩᠭ᠎ᠠ ᠬᠡᠶᠢᠭᠰᠡᠨ ᠲᠤᠩᠭᠠᠯᠠᠭ ᠭᠡᠭᠡᠨ ᠮᠠᠯᠮᠠᠢ ᠵᠦᠭ ᠨᠢ  ᠴᠢᠪᠢᠯᠲᠦ ᠬᠤᠤᠷᠡᠨ ᠰᠠᠨᠠᠭ᠎ᠠ ᠦᠵᠦᠭᠦᠷᠯᠡᠵᠦ ᠦᠯᠦ ᠪᠤᠯᠤᠶᠦ  ᠦᠷᠯᠦᠭ ᠲᠤᠷᠤᠨ᠎ᠠ ᠶᠢᠨ ᠠᠭᠤᠯᠡᠰ ᠢ ᠡᠮᠲᠡᠯᠡᠵᠦ ᠦᠯᠦ ᠪᠤᠯᠤᠶᠦ  ᠦᠨᠳᠦᠷ ᠯᠠᠬᠱᠠᠨ ᠲᠦᠷᠬᠦ ᠪᠠᠷ ᠢᠶᠠᠨ ᠪᠠᠶᠢᠭᠠᠯᠢ ᠶᠢᠨ ᠭᠠᠶᠢᠬᠠᠮᠰᠢᠭ ᠢ ᠬᠠᠷᠠᠭᠤᠯᠤᠭᠰᠡᠨ  ᠦᠭᠡᠲᠡ ᠬᠡᠶᠢᠮᠦᠷᠢᠯᠢᠭ ᠤᠷᠬᠢᠯ ᠳᠠᠭᠠᠨ ᠡᠭᠦᠯᠡᠰ ᠤᠨ ᠰᠦᠷᠦᠭ ᠢ ᠠᠷᠭᠠᠮᠵᠢᠬᠰᠡᠨ  ᠦᠨᠢᠷ ᠦᠳᠭᠡᠨ ᠡᠩᠭᠡᠷ ᠲᠡᠭᠡᠨ ᠠᠶᠢᠯ ᠵᠤᠨ ᠢᠶᠠᠨ ᠪᠠᠭᠳᠠᠭᠠᠭᠰᠡᠨ  ᠦᠷᠭᠡᠨ ᠲᠠᠨᠢᠭᠡᠷ ᠬᠦᠨᠲᠡᠢ ᠳᠡᠭᠡᠨ ᠠᠮᠢᠳᠠᠨ ᠠᠷᠢᠶᠠᠲᠡᠨ ᠢᠶᠠᠨ ᠨᠢᠭᠤᠬᠰᠡᠨ  ᠡᠪᠦᠭᠡᠳ ᠤᠨ ᠦᠶ᠎ᠡ ᠠᠴᠠ ᠤᠯᠪᠠᠭᠠᠯᠠᠵᠦ ᠢᠲᠡᠭᠡᠯ ᠪᠢᠰᠢᠷᠡᠯ ᠢ ᠮᠢᠨᠢ ᠬᠤᠷᠤᠶᠢᠯᠠᠭᠰᠡᠨ  ᠦᠷᠯᠦᠭ ᠲᠤᠷᠤᠨ᠎ᠡ ᠶᠢᠨ ᠠᠭᠤᠯᠡᠰ ᠢ ᠬᠦᠨᠲᠡᠵᠦ ᠦᠯᠦ ᠪᠤᠯᠤᠶᠦ  ᠦ ᠲᠠᠢ ᠮᠠᠰᠠᠨ ᠤ ᠢᠷ ᠢᠶᠠᠷ ᠰᠡᠭᠴᠢᠵᠦ ᠦᠯᠦ ᠪᠤᠯᠤᠶᠦ  ᠦᠩᠭᠡᠲᠦ ᠡᠷᠳᠠᠨᠢ ᠠᠭᠤᠯᠤᠭᠰᠡᠨ ᠲᠤᠷᠭᠠᠨ ᠵᠦᠭᠡᠯᠡᠨ ᠴᠤᠭᠴᠡ ᠶᠢ ᠨᠢ  ᠦᠯᠦᠨ ᠰᠢᠨᠤᠯ ᠤᠨ ᠴᠠᠯᠮ᠎ᠡ ᠪᠠᠷ ᠤᠷᠢᠶᠠᠯᠭᠠᠵᠦ ᠦᠯᠦ ᠪᠤᠯᠤᠶᠦ  ᠠᠯᠤᠰ ᠲᠤᠷᠤᠨ᠎ᠡ ᠶᠢᠨ ᠮᠦᠷᠡᠨ ᠭᠤᠤᠯ ᠢ ᠲᠠᠰᠤᠳᠠᠵᠦ ᠦᠯᠦ ᠪᠤᠯᠤᠶᠦ  ᠠᠯᠳᠠᠨ ᠲᠡᠯᠡᠭᠡᠢ ᠶᠢᠨ ᠲᠡᠵᠢᠭᠡᠭᠰᠡᠨ ᠬᠡᠮᠵᠢᠶᠠᠯᠠᠰᠢ ᠦᠭᠡᠢ ᠡᠨᠧᠷᠬᠢ ᠲᠠᠢ  ᠠᠬᠰᠤᠮ ᠬᠤᠷᠲᠦ ᠪᠠᠷ ᠬᠠᠳᠠᠷᠢᠬᠰᠡᠨ ᠬᠢᠵᠠᠭᠠᠯᠠᠰᠢ ᠦᠭᠡᠢ ᠬᠦᠴᠦ ᠲᠠᠢ  ᠠᠮᠢᠳᠠᠨ ᠤᠷᠭᠤᠮᠠᠯ ᠢᠶᠠᠨ ᠲᠡᠳᠭᠦᠭᠰᠡᠨ ᠲᠤᠮᠳᠠᠷᠠᠰᠢ ᠦᠭᠡᠢ ᠰᠢᠮ᠎ᠡ ᠲᠠᠢ  ᠠᠶᠠᠨ ᠤ ᠪᠡᠷᠭᠡ ᠶᠢ ᠨᠤᠭᠤᠯᠤᠭᠰᠡᠨ ᠲᠠᠭᠤᠰᠤᠰᠢ ᠦᠭᠡᠢ ᠵᠠᠮᠨᠠᠯ ᠲᠠᠢ  ᠠᠵᠡ ᠶᠢᠨ ᠲᠦᠮᠡᠨ ᠢᠶᠠᠨ ᠡᠨᠡᠷᠢᠭᠰᠡᠨ ᠦᠯᠢᠳᠭᠡᠭᠰᠢ ᠦᠭᠡᠢ ᠭᠠᠪᠢᠶ᠎ᠡ ᠲᠠᠢ  ᠠᠯᠤᠰ ᠲᠤᠷᠤᠨ᠎ᠡ ᠶᠢᠨ ᠮᠦᠷᠡᠨ ᠭᠤᠤᠯ ᠢ ᠲᠠᠰᠤᠳᠠᠵᠦ ᠦᠯᠦ ᠪᠤᠯᠤᠶᠦ  ᠠᠳᠠᠭ᠎ᠠ ᠵᠢᠳᠤᠭᠡᠨ ᠤ ᠲᠤᠭᠤᠰᠦ ᠪᠠᠷ ᠭᠭᠢᠷᠳᠦᠭᠡᠵᠦ ᠦᠯᠦ ᠪᠤᠯᠤᠶᠦ  ᠠᠶᠠᠯᠭᠤᠲᠦ ᠬᠦᠭᠵᠢᠮ ᠮᠡᠲᠦ ᠤᠶᠠᠩᠭᠠᠷᠠᠬᠰᠡᠨ ᠪᠤᠯᠤᠷ ᠴᠡᠩᠭᠡᠭ ᠤᠷᠤᠰᠬᠠᠯ ᠢ ᠨᠢ  ᠠᠳᠠᠳᠠᠢ ᠬᠠᠷ᠎ᠠ ᠰᠠᠪᠡᠷ ᠢᠶᠠᠷ ᠪᠤᠭᠤᠮᠢᠯᠠᠵᠦ ᠦᠯᠦ ᠪᠤᠯᠤᠶᠦ᠃
 
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号