ᠰᠠᠴᠤᠯᠢ ᠶᠢᠨ ᠰᠠᠴᠤᠷᠠᠭ ᠰᠡᠳᠬᠢᠯ ᠤᠨ ᠦᠩᠭᠡ
ᠨᠡᠶᠢᠲᠡᠯᠡᠭᠰᠡᠨ ᠴᠠᠭ᠄
2019-04-16
                                                        ᠠᠯᠳᠠᠠᠭᠡᠷᠡᠯ      ᠲᠠᠨ ᠳᠠᠭᠠᠨ ᠲᠠᠯᠠᠷᠬᠠᠯ᠎ᠡ᠂ ᠴᠢᠮ᠎ᠡ ᠳᠠᠭᠠᠨ ᠪᠠᠶᠠᠷᠯᠠᠯ᠎ᠡ᠃ ᠮᠠᠨᠤᠰ ᠤᠨ ᠬᠡᠨ ᠨᠢᠬᠡᠨ ᠳᠤ ᠨᠢ ᠠᠪᠤᠭᠠᠳ ᠬᠡᠯᠡᠭᠰᠡᠨ ᠴᠤ ᠪᠠᠶᠠᠷᠯᠠᠯ ᠤᠯᠠᠳᠠᠵᠤ᠂ ᠲᠠᠯᠠᠷᠬᠠᠯ ᠨᠢ ᠠᠷᠪᠢᠳᠴᠤ ᠪᠠᠶᠢᠭ᠎ᠠ ᠪᠢᠰᠢ᠂ ᠬᠠᠷᠢᠨ ᠪᠠᠭᠠᠰᠴᠤ ᠪᠠᠶᠢᠨ᠎ᠡ᠃ ᠴᠦᠬᠡᠷᠡᠭᠰᠡᠭᠡᠷ ᠪᠠᠶᠢᠨ᠎ᠡ᠃ ᠴᠤᠬᠤᠮ ᠬᠡᠨ ᠬᠦᠮᠦᠨ ᠤ ᠪᠠᠨ ᠶᠠᠭᠤᠨ ᠳᠤ ᠪᠠᠶᠠᠷᠯᠠᠨ᠂ ᠬᠡᠨ ᠨᠢᠭᠡᠨ ᠤ ᠪᠠᠨ ᠶᠠᠭᠤᠨ ᠳᠤ  ᠨᠢ ᠲᠠᠯᠠᠷᠬᠠᠨ᠎ᠡ ᠭᠡᠲᠡᠭ ᠢᠶᠠᠨ ᠴᠦ ᠮᠠᠷᠳᠠᠵᠦ ᠪᠠᠶᠢᠨ᠎ᠡ᠃ ᠰᠡᠯᠳᠡᠬᠦᠷᠡᠵᠡᠬᠡᠵᠤ ᠴᠤ ᠪᠠᠶᠢᠨ᠎ᠡ᠃ ᠡᠰᠡᠭᠦᠯ᠎ᠡ ᠦᠪᠡᠷ ᠤᠨ ᠡᠷᠬᠡ ᠦᠬᠡᠢ ᠡᠪ ᠦᠬᠡᠶᠢᠷᠡᠯ ᠳᠡᠭᠡᠨ ᠪᠠᠷᠢᠭᠳᠠᠵᠤ᠂ ᠠᠯᠳᠠ ᠪᠠᠷ ᠦᠡᠭᠬᠡᠯᠡᠭᠰᠡᠨ ᠬᠡᠮᠡᠷ ᠰᠠᠨᠠᠳᠠᠭ ᠦᠨᠤ ᠨᠢᠭᠤᠷᠰᠠᠬ ᠬᠤᠭᠤᠰᠤᠨ ᠪᠤᠳᠤᠯ ᠳᠠᠭᠠᠨ ᠲᠦᠭᠡᠷᠢᠭᠲᠡᠵᠦ ᠪᠠᠶᠢᠭ᠎ᠠ ᠴᠦ ᠮᠠᠭᠠᠳ᠃      ᠦᠨᠡᠨ ᠢ ᠬᠡᠯᠡᠪᠡᠯ ᠪᠢ ᠴᠤ ᠠᠳᠠᠯᠢᠬᠠᠨ᠃ ᠪᠠᠶᠠᠷᠯᠠᠯ ᠤᠨ ᠬᠠᠷᠢᠭᠤ ᠲᠠᠯᠠᠷᠬᠠᠯ ᠦᠭᠡᠢ᠂ ᠲᠠᠯᠠᠷᠬᠠᠯ ᠤᠨ ᠦᠬᠡᠳᠠ ᠪᠠᠶᠠᠷᠯᠠᠯ ᠴᠦ ᠪᠠᠶᠢᠳᠠᠭ ᠦᠬᠡᠢ ᠬᠦᠯᠲᠡᠭᠦᠦ ᠴᠢᠯᠲᠡᠩ ᠡᠶᠢᠮᠦᠷᠬᠦ ᠮᠠᠷᠲᠡᠯ᠂ ᠲᠠᠨᠢᠵᠤ ᠠᠯᠳᠠᠭᠰᠡᠨ ᠲᠡᠶᠢᠮᠤᠷᠬᠦᠦ ᠰᠡᠯᠳᠡᠬᠦᠷᠡᠯ ᠢᠶᠠᠷ ᠪᠠᠷᠤᠭ ᠬᠠᠭᠠᠰ ᠢᠯᠡᠬᠦᠤ ᠨᠠᠰᠤ ᠪᠠᠨ ᠨᠤᠬᠤᠴᠠᠴᠢᠬᠠᠯ᠎ᠠ᠃ ᠪᠤᠳᠤᠪᠠᠯ ᠴᠢᠷᠠᠢ ᠤᠯᠠᠶᠢᠮᠠᠷ᠃ ᠭᠠᠵᠠᠷ ᠠᠩ ᠲᠠᠢ ᠪᠤᠯ ᠰᠢᠷᠭᠤᠵᠦ ᠴᠤ ᠤᠷᠤᠴᠢᠮᠠᠬᠠᠷ᠃      ᠮᠠᠨ ᠤ ᠬᠢᠨ ᠪᠤᠯ ︽ᠢᠮᠠᠬᠤ ᠶᠢᠨ ᠬᠠᠷᠢᠭᠤ ᠠᠯᠳᠠ᠂ ᠴᠢᠮᠬᠢ ᠶᠢᠨ ᠬᠠᠷᠢᠭᠤ ᠳᠤ ᠠᠳᠬᠤ︾ ᠬᠡᠭᠴᠢ ᠶᠢ ᠡᠷᠬᠢᠮᠯᠡᠨ ᠦᠵᠡᠳᠡᠭ᠂ ᠪᠠᠶᠠᠷᠯᠠᠵᠤ ᠲᠠᠯᠠᠷᠬᠠᠳᠠᠭ ᠦᠡᠭᠭᠡ ᠬᠡᠷᠡᠯᠳᠤ ᠤᠳᠤᠮᠰᠢᠯ᠂ ᠦᠨ᠎ᠡ ᠴᠠᠨᠠᠲᠦ ᠰᠤᠷᠭᠠᠯ ᠲᠠᠢ ᠦᠨᠳᠤᠰᠤᠳᠡᠨ᠃ ᠬᠡᠲᠡᠯ᠎ᠡ ᠨᠢᠬᠡ ᠮᠡᠳᠡᠬᠦᠯᠡᠷ ᠮᠠᠨᠤᠰ ᠤᠨ ᠡᠳᠤᠷ ᠲᠤᠳᠤᠮ ᠤᠨ ᠠᠵᠤ ᠠᠮᠢᠳᠤᠷᠠᠯ᠂ ᠬᠠᠷᠢᠯᠴᠠᠭ᠎ᠠ ᠬᠤᠯᠪᠤᠭᠠᠨ ᠤ ᠲᠤᠮᠳᠠ ᠬᠡᠨ ᠨᠢᠬᠡᠨ ᠳᠡᠭᠡᠨ ᠪᠠᠶᠠᠷᠯᠠᠬᠤ ᠤᠴᠢᠷᠳᠠᠢ ᠰᠡᠳᠬᠢᠯ᠂ ᠲᠠᠯᠠᠷᠬᠠᠬᠤ ᠶᠤᠰᠤᠳᠠᠢ ᠰᠡᠳᠬᠢᠯᠬᠡ ᠨᠢ ᠴᠤ ᠭᠠᠨᠭ᠍ᠳᠠᠮᠠᠯ ᠵᠢᠯ ᠤᠨ ᠡᠪᠡᠰᠦᠨ ᠤ ᠨᠠᠪᠴᠢᠰ᠂ ᠬᠠᠳᠠᠮᠠᠯ ᠵᠤᠨ ᠤ ᠴᠡᠴᠡᠭ ᠤᠨ ᠲᠡᠯᠬᠡᠷᠡᠯ ᠠᠳᠠᠯᠢ ᠪᠤᠯᠴᠢᠬᠠᠵᠠᠢ᠃ ᠲᠡᠭᠡᠭᠡᠳ ᠯᠡ ᠴᠠᠭ ᠮᠦᠴᠠ ᠲᠠᠢ ᠨᠢ ᠬᠠᠮᠳᠤ ᠴᠢᠮᠡᠭᠡ ᠢᠮᠡᠭᠡ ᠦᠬᠡᠶᠢᠬᠡᠨ ᠬᠤᠪᠤᠶᠢᠵᠦ ᠬᠠᠳᠠᠬᠰᠠᠭᠠᠷ᠁ ᠵᠤᠯᠭᠠᠷᠠᠵᠦ ᠨᠢᠴᠦᠭᠦᠷᠡᠭᠰᠡᠭᠡᠷ᠁      ᠮᠠᠨᠤᠰ ᠤᠨ ᠪᠤᠳᠤᠯ ᠰᠡᠳᠬᠢᠯ ᠴᠤ ᠤᠯᠠᠭᠠᠨ ᠬᠠᠯᠴᠠᠭᠠᠢ ᠲᠤᠪᠤ ᠶᠢᠨ ᠨᠢᠴᠤᠬᠦᠨ ᠲᠤᠯᠤᠭᠠᠳ ᠪᠤᠯᠤᠮᠠᠷ ᠤᠶᠢᠷᠠᠳᠤᠬᠰᠡᠨ ᠪᠠᠶᠢᠨ᠎ᠡ᠃      ᠦᠬᠡᠢ ᠶᠡᠷᠦ ᠨᠢ ︽ᠰᠠᠶᠢᠨ ᠤᠤ᠂ ᠮᠠᠨᠲᠦ ᠤᠤ︾ ᠬᠡᠰᠡᠨ ᠠᠮᠡᠠ ᠪᠡᠯᠢᠩ ᠲᠠᠢ ᠪᠢᠲᠡ ᠨᠠᠷ ᠴᠢᠨᠢ ᠪᠠᠶᠠᠷᠯᠠᠯ ᠲᠠᠯᠠᠷᠬᠠᠯ ᠦᠬᠡᠢ ᠤᠷᠴᠢᠨ ᠠᠬᠤᠢ ᠳᠠᠭᠠᠨ ᠬᠦᠯᠳᠡᠬᠦᠤ ᠬᠦᠢᠳᠡᠨ᠂ ᠲᠦᠯᠠᠢ ᠲᠦᠮᠪᠤ ᠶᠠᠪᠤᠵᠤ ᠪᠤᠯᠬᠤ ᠦᠬᠡᠢ ᠪᠤᠳᠤᠬᠳᠠᠯ᠎ᠡ᠃ ᠪᠠᠶᠠᠷᠯᠠᠯ ᠲᠠᠯᠠᠷᠬᠠᠯ ᠦᠬᠡᠢ ᠠᠮᠢᠳᠤᠷᠡᠯ ᠬᠡᠭᠴᠢ ᠪᠠᠯ ᠦᠬᠡᠢ ᠠᠮᠳᠠ᠂ ᠲᠤᠰᠤ ᠦᠬᠡᠢ ᠤᠰᠤ ᠠᠳᠠᠯᠢ ᠶᠤᠯᠪᠤᠴᠢᠬᠠᠭᠰᠡᠨ ᠪᠠᠶᠢᠳᠠᠭ᠃      ᠲᠡᠶᠢᠮᠦ ᠠᠴᠠ ᠪᠢᠲᠡ ᠨᠠᠷ ᠴᠢᠨᠢ ᠨᠢᠭᠡ ᠨᠢᠭᠡᠨ ᠳᠡᠭᠡᠨ ᠦᠪ ᠦᠨᠡᠨ ᠬᠦ ᠪᠠᠶᠠᠷᠯᠠᠵᠦ ᠰᠤᠷᠬᠤ ᠬᠡᠷᠡᠭᠲᠠᠢ᠃ ᠨᠢᠬᠡ ᠨᠢᠬᠡᠨ ᠳᠡᠭᠡᠨ ᠪᠠᠰᠠ ︽ᠲᠠᠨ ᠳᠠᠭᠠᠨ ᠲᠠᠯᠠᠷᠬᠠᠶ᠎ᠡ᠂ ᠴᠢᠮ᠎ᠡ ᠳᠠᠭᠠᠨ ᠪᠠᠶᠠᠷᠯᠡᠯ᠎ᠡ ᠰᠢᠤ︾ ᠬᠡᠮᠡᠨ ᠦᠷᠤ ᠵᠢᠷᠦᠭᠡᠨ ᠤ ᠪᠠᠨ ᠬᠦᠨ ᠠᠴᠠ ᠬᠡᠯᠡᠵᠤ ᠰᠤᠷᠬᠤ ᠬᠡᠷᠡᠭᠳᠠᠢ᠃ ᠪᠢ ᠴᠤ ᠡᠨᠡ ᠵᠦᠭ ᠪᠡᠶ᠎ᠡ ᠰᠡᠳᠬᠢᠯ ᠢᠶᠠᠨ ᠵᠠᠰᠠᠵᠤ ᠵᠠᠯᠠᠨ ᠶᠠᠪᠤᠭᠰᠠᠭᠠᠷ ᠁      ᠡᠩ ᠲᠠᠷᠢᠬᠦᠨ ᠳᠤ ᠪᠢ ᠡᠬᠡ ᠤᠷᠤᠨ ᠳᠠᠭᠠᠨ ᠲᠠᠯᠠᠷᠬᠠᠳᠠᠭ ᠶᠤᠮ᠃ ᠡᠬᠡ ᠤᠷᠤᠨ ᠤ ᠪᠠᠨ ᠨᠠᠳᠠ ᠳᠤ ᠬᠠᠶᠢᠷᠠᠯᠠᠭᠰᠡᠨ ᠠᠮᠠ ᠠᠮᠢᠰᠬᠤᠭ᠎ᠠ᠂ ᠬᠡᠰᠡᠭ ᠡᠬᠦᠯᠡᠰ᠂ ᠲᠤᠰᠤᠯ ᠤᠰᠤ᠂ ᠮᠦᠬᠦᠯᠢᠭ ᠰᠢᠷᠤᠢ᠂ ᠰᠢᠷᠬᠡᠭ ᠡᠪᠡᠰᠤᠨ ᠳᠤᠨᠢ ᠴᠤ ᠲᠠᠯᠠᠷᠬᠠᠳᠠᠭ᠃ ᠨᠡᠩ ᠢᠯᠠᠩᠭᠤᠶ᠎ᠡ ᠠᠤᠭ᠎ᠠ ᠶᠡᠭᠡ᠂ ᠪᠠᠶᠠᠨ ᠴᠢᠨᠡᠬᠡᠯᠢᠭ᠂ ᠬᠦᠴᠤᠷᠬᠡᠭ ᠲᠤᠮᠤ ᠡᠶᠢᠮᠤ ᠨᠢᠬᠡᠨ ᠠᠭᠤᠤ ᠶᠡᠭᠡ ᠡᠬᠡ ᠤᠷᠤᠨ ᠤ ᠪᠠᠨ ᠡᠵᠡᠨ ᠨᠢ ᠪᠤᠯᠵᠤ᠂ ᠨᠢᠷᠤᠭᠤ ᠬᠡᠳᠡᠬᠡᠷ᠂ ᠨᠢᠭᠤᠷ ᠬᠢᠯᠠᠯᠵᠡᠮ᠎ᠡ ᠵᠠᠶᠠᠭᠠᠭᠰᠡᠨ ᠳᠠᠭᠠᠨ ᠪᠠᠶᠠᠷᠯᠠᠵᠤ ᠲᠠᠯᠠᠷᠬᠠᠬᠤ ᠦᠬᠡᠢ ᠪᠠᠶᠢᠬᠤ ᠶᠢᠨ ᠠᠷᠭ᠎ᠠ ᠦᠬᠡᠢ᠃ ᠲᠠᠬᠢᠪᠠᠯ ᠰᠢᠪᠠᠭᠳᠤ ᠶᠢᠨ ᠢᠶᠠᠨ ᠬᠦᠷᠡᠩ ᠪᠤᠷᠤ ᠬᠦᠷᠤᠰᠤᠨ ᠳᠡᠭᠡᠨ ᠲᠠᠯᠠᠷᠬᠠᠳᠠᠭ᠃ ᠨᠠᠮ᠎ᠡ ᠶᠢ ᠲᠡᠷᠨ 1961 ᠤᠨ ᠤ 8 ᠰᠡᠷ᠎ᠡ ᠲᠠᠢ ᠮᠢᠨᠢ ᠬᠠᠮᠳᠤ ᠪᠦᠪᠠᠶᠢᠯᠠᠵᠤ ᠲᠤᠰᠤᠭᠰᠡᠨ ᠪᠠᠶᠢᠳᠠᠭ ᠪᠢᠯᠡ᠃ ᠲᠠᠷᠭ᠎ᠠ ᠨᠢ ᠪᠢ ᠠᠪᠤ ᠡᠵᠢ ᠬᠤᠶᠠᠭᠤᠯᠠ ᠳᠠᠭᠠᠨ ᠦᠷᠤ ᠵᠢᠷᠦᠭᠡᠨ ᠤ ᠪᠠᠨ ᠬᠦᠨ  ᠠᠴᠠ ᠪᠠᠶᠠᠷᠯᠠᠳᠠᠭ ᠰᠠᠨ᠃ ᠤᠴᠢᠷ ᠨᠢ ᠨᠡᠮ᠎ᠡ ᠶᠢ ᠬᠠᠯᠠᠭᠤ ᠪᠦᠯᠢᠶᠡᠨ ᠠᠮᠢᠰᠬᠤᠯ ᠲᠠᠢ ᠴᠤᠭ ᠡᠬᠡ ᠤᠷᠤᠨ ᠤ ᠮᠢᠨᠢ ᠭᠠᠵᠠᠷ ᠲᠡᠭᠷᠢ ᠲᠤᠮᠳᠠ ᠠᠯᠳᠠᠨ ᠲᠤᠪᠤᠷᠤᠤ ᠬᠡᠮᠡᠷᠬᠡᠨ ᠰᠢᠵᠢᠷᠳᠡᠭᠡ ᠰᠢᠪᠠᠭᠳᠤ ᠶᠢᠨ ᠲᠡᠷᠨ ᠨᠦᠮᠵᠤᠭ᠌ ᠲᠤᠯᠠᠭᠠᠨ ᠬᠦᠷᠡᠩ ᠪᠤᠷᠤ ᠬᠦᠷᠤᠰᠤ ᠰᠢᠷᠤᠶ ᠶᠢᠨ ᠲᠡᠭᠡᠷ᠎ᠡ ᠡᠩᠭᠡ ᠮᠠᠨᠲᠦ ᠵᠠᠶᠠᠭᠠᠭᠰᠡᠨ᠃ ᠪᠢ ᠪᠠᠰᠠ 1961 ᠤᠨ ᠤ 8 ᠰᠡᠷ᠎ᠡ  ᠳᠠᠭᠠᠨ ᠴᠦ ᠲᠠᠯᠠᠷᠬᠠᠬᠤ ᠶᠤᠰᠤᠳᠠᠢ᠃ ᠪᠠᠶᠠᠨ ᠲᠠᠷᠭᠤᠨ ᠲᠡᠷᠨ ᠨᠠᠮᠤᠷ ᠤᠨ ᠴᠢᠮᠤᠬᠡ ᠲᠦᠬᠦᠷᠡᠩ ᠦᠷ᠎ᠡ ᠵᠢᠮᠢᠰ ᠯᠡ ᠠᠮᠢ ᠨᠠᠰᠤ ᠶᠢ ᠮᠢᠨᠢ ᠰᠢᠵᠢᠷ ᠠᠯᠳᠠᠩᠬᠠᠨ ᠲᠠᠷᠡ ᠨᠠᠮᠦᠷ ᠠᠴᠠ ᠡᠬᠢᠯᠡᠪᠡ ᠬᠡᠭᠴᠢ ᠶᠢ ᠬᠤᠷᠸ᠎ᠠ ᠲᠡᠯᠡᠬᠡᠢ ᠳᠤ ᠲᠦᠪ ᠶᠤᠰᠤᠭᠠᠷ ᠲᠤᠩᠬᠠᠭᠯᠠᠭᠰᠡᠨ ᠪᠠᠶᠢᠳᠠᠭ ᠪᠢᠯᠡ᠃ ᠲᠠᠬᠢᠪᠠᠯ ᠰᠢᠪᠬᠠᠲᠦ ᠠᠴᠠ ᠡᠬᠢᠯᠡᠭᠰᠡᠨ ᠡᠳᠤᠷ ᠬᠤᠨᠤᠭ ᠲᠠᠭᠠᠨ ᠪᠠᠰᠠ ᠶᠠᠭᠠᠬᠢᠬᠤ ᠶᠢᠨ ᠠᠷᠭ᠎ᠠ ᠦᠬᠡᠢ ᠲᠠᠯᠠᠷᠬᠠᠬᠤ ᠶᠤᠰᠤᠳᠠᠢ᠃ ᠲᠡᠳᠡᠭᠡᠷ ᠡᠳᠤᠷ ᠬᠤᠨᠤᠭ ᠤᠳ ᠢ ᠮᠢᠨᠢ ᠪᠠᠶᠠᠷ ᠪᠠᠶᠠᠰᠤᠯ᠂ ᠵᠤᠯ ᠵᠢᠷᠭᠠᠯ᠂ ᠢᠨᠢᠶᠡᠯ ᠤᠬᠢᠯᠠᠯ᠂ ᠶᠠᠳᠠᠷᠠᠯ ᠵᠦᠳᠡᠷᠡᠯ᠂ ᠤᠬᠠᠭᠠᠷᠠᠯ ᠰᠡᠬᠡᠬᠡᠷᠡᠯ ᠢᠶᠠᠷ ᠬᠡᠯᠬᠢᠶᠡᠵᠢᠭᠰᠡᠨ ᠴᠠᠭᠠᠨ ᠮᠦᠷᠨᠨ ᠪᠠ ᠴᠠᠭᠠᠨ ᠰᠢᠷᠡᠭᠡ ᠳᠡᠭᠡᠨ ᠴᠤ ᠲᠠᠯᠠᠷᠬᠠᠬᠤ ᠬᠡᠷᠡᠭᠳᠠᠢ᠃ ᠶᠠᠭᠠᠬᠢᠭᠠᠳ ᠬᠡᠪᠡᠯ ᠦᠨᠤᠳᠤᠷ ᠬᠦᠷᠴᠤ ᠢᠷᠡᠲᠡᠯ᠎ᠡ ᠶᠠᠪᠤᠵᠤ ᠰᠠᠭᠤᠭᠰᠡᠨ ᠵᠠᠮ ᠮᠦᠷ ᠢ ᠮᠢᠨᠢ ᠵᠠᠰᠠᠵᠤ ᠵᠠᠯᠠᠨ᠂ ᠵᠢᠭᠠᠵᠤ ᠲᠤᠬᠢᠬᠰᠡᠨ ᠪᠠᠶᠢᠳᠠᠭ᠃ ᠪᠠᠰᠠ ᠰᠤᠷᠤᠭᠴᠢ ᠠᠮᠢᠳᠤᠷᠠᠯ᠂ ᠴᠡᠷᠢᠭ ᠤᠨ ᠬᠤᠸᠠᠷᠠᠨ ᠵᠢᠴᠢ ᠠᠮᠢ ᠨᠠᠰᠤᠨ ᠳᠤ ᠮᠢᠨᠢ ᠬᠦᠨ ᠦᠡᠭᠭᠡ᠂ ᠬᠦᠨᠳᠤᠬᠡᠨ ᠤᠷᠤᠮ ᠪᠤᠯᠤᠭᠰᠡᠨ ᠪᠤᠷᠤ ᠪᠠᠯᠭᠠᠰᠤᠨ ᠳᠠᠭᠠᠨ ᠴᠤ ᠲᠠᠯᠠᠷᠬᠠᠨ᠎ᠡ᠃ ᠤᠴᠢᠷ ᠨᠢ ︽ᠠᠮᠢᠳᠤᠷᠠᠯ︾ ᠬᠡᠮᠡᠬᠦ ᠲᠤᠮᠤ ᠨᠤᠮ ᠤᠨ ᠨᠦᠰᠡᠷ ᠬᠦᠨᠲᠦ ᠰᠢᠵᠢᠷ ᠠᠯᠳᠠᠩᠬᠠᠨ ᠭᠤᠶᠦ ᠬᠠᠭᠤᠳᠠᠰᠦ ᠶᠢ ᠨᠢᠭᠡ ᠨᠢᠭᠡ ᠪᠠᠷ ᠶᠠᠭᠠᠷᠠᠮ᠎ᠡ ᠦᠭᠡᠶᠢᠭᠡᠨ ᠤᠷᠪᠠᠭᠤᠯᠵᠦ᠂ ︽ᠠᠷᠪᠠᠨ ᠲᠦᠮᠡᠨ ᠠᠰᠠᠭᠤᠯᠳᠠ︾ ᠶᠢ ᠬᠠᠯᠠᠰᠢᠷᠡᠯ ᠦᠬᠡᠢ ᠵᠢᠭᠠᠵᠤ ᠰᠤᠷᠭᠠᠭᠰᠡᠨ ᠡ᠃ ᠵᠠᠯᠭᠠᠭᠠᠳ ᠬᠢᠯᠠᠰ ᠲᠠᠳᠠᠨ ᠦᠡᠭᠭᠡᠷᠡᠭᠡ ᠠᠮᠢ ᠨᠠᠰᠤᠨ ᠤ ᠮᠢᠨᠢ 58 ᠵᠢᠯ ᠳᠤ ᠤᠴᠠᠷᠠᠵᠤ ᠲᠤᠬᠢᠶᠠᠯᠳᠤᠭᠰᠡᠨ᠂ ᠲᠠᠨᠢᠯᠴᠠᠵᠤ ᠲᠠᠰᠤᠯᠴᠠᠭᠰᠡᠨ᠂ ᠬᠠᠶᠢᠷᠠᠯᠠᠵᠤ ᠬᠠᠯᠠᠮᠵᠢᠯᠠᠭᠰᠡᠨ᠂ ᠬᠠᠪᠰᠤᠷᠴᠤ ᠲᠡᠮᠵᠢᠭᠰᠡᠨ ᠲᠠ ᠪᠦᠬᠦᠨ ᠳᠡᠭᠡᠨ ᠴᠤ ᠲᠠᠯᠠᠷᠬᠠᠶ᠎ᠡ᠃ ᠲᠠᠬᠢᠪᠠᠯ ᠲᠠᠨ ᠳᠠᠭᠠᠨ ᠪᠤᠶᠤ ᠲᠠ ᠨᠠᠷ ᠪᠦᠬᠦᠨ ᠳᠡᠭᠡᠨ ᠴᠤ ᠲᠠᠯᠠᠷᠬᠠᠶ᠎ᠡ᠃ ᠶᠤᠤᠳᠠᠩ ᠤᠨ ᠴᠢᠨᠢ ᠲᠡᠯ᠎ᠡ᠂ ᠪᠤᠷᠦ ᠶᠧᠪᠢᠩ ᠤᠨ ᠴᠢᠨᠢ ᠬᠠᠭᠠᠰ ᠪᠡ ᠠᠶᠠᠭ᠎ᠠ ᠴᠠᠢ᠂ ᠲᠠᠭᠤᠤ ᠶᠢᠨ ᠴᠢᠨᠢ ᠢᠷᠠᠭᠤ ᠡᠭᠡᠰᠢᠭ ᠲᠤ ᠰᠡᠳᠬᠢᠯ ᠤᠨ ᠢᠶᠠᠨ ᠬᠦᠨ ᠠᠴᠠ ᠪᠠᠶᠠᠷᠯᠠᠵᠦ ᠪᠠᠶᠢᠨ᠎ᠡ ᠰᠢᠦ︕      ᠲᠨ ᠪᠦᠬᠦᠳᠠ ᠪᠠᠶᠢᠬᠰᠡᠨ ᠠᠴᠠ ᠯᠡ ᠪᠤᠯᠵᠤ᠂ ᠡᠨᠡ ᠡᠳᠤᠷ ᠤᠨ ᠮᠢᠨᠢ ᠵᠢᠷᠤᠭ ᠰᠡᠬᠦᠳᠡᠷ ᠪᠦᠷᠢᠨ ᠪᠦᠳᠤᠨ᠂ ᠠᠮᠢ ᠠᠮᠢᠰᠬᠤᠯ ᠮᠢᠨᠢ ᠴᠦ ᠡᠩᠬᠡ ᠮᠠᠨᠳᠤᠭᠡᠨ ᠮᠡᠨᠳᠤᠬᠡᠨ ᠁ ᠬᠡᠷᠪᠡ ᠬᠡᠨ ᠨᠢᠭᠡ ᠪᠠᠷ ᠨᠢ ᠬᠡᠨᠡᠳᠲᠡ ᠲᠤᠳᠠᠭᠰᠡᠨ ᠪᠠᠶᠢᠪᠠᠯ ᠮᠢᠨᠤ ᠡᠨᠡ ᠡᠳᠤᠷ ᠤᠨ ᠡᠨᠡ ᠮᠦᠴᠠ ᠴᠤ ᠯᠠᠪᠳᠠᠢ ᠡᠶᠢᠮᠤ ᠪᠢᠰᠢ᠃ ᠡᠨᠡ ᠡᠳᠤᠷ ᠤᠨ ᠠᠯᠳᠠᠨ ᠨᠠᠷᠡᠨ ᠤ ᠬᠡᠷᠡᠯ ᠡᠶᠢᠮᠤ ᠦᠷᠦᠮᠡᠨ ᠰᠢᠷᠭᠠᠯ᠂ ᠡᠨᠡ ᠦᠳᠡᠰᠢ ᠶᠢᠨ ᠮᠦᠩᠭᠦᠨ ᠰᠠᠷᠡ ᠴᠦ ᠡᠶᠢᠮᠤ ᠲᠡᠷᠬᠡᠯ ᠲᠦᠬᠦᠷᠡᠩᠬᠡᠨ ᠪᠠᠶᠢᠵᠦ ᠲᠠᠶᠢᠯᠭᠦ ᠦᠭᠡᠢ ᠳ᠋ᠠ︕      ᠲᠡᠶᠢᠮᠤ ᠡ᠂ ᠲᠠᠯᠠᠷᠬᠠᠯ ᠬᠡᠭᠴᠢ ᠦᠨᠡᠨ ᠳᠡᠭᠡᠨ ᠨᠢᠬᠡ ᠬᠦᠮᠦᠨ ᠤᠨ ᠪᠡᠶ᠎ᠡ ᠰᠡᠳᠬᠢᠯ ᠤᠨ ᠬᠢᠨᠢ ᠲᠠᠭᠠᠭᠠᠴᠠ ᠪᠠᠶᠢᠳᠠᠭ᠃ ᠲᠠᠭᠠᠭᠠᠴᠠ ᠲᠠᠢ ᠪᠠᠶᠢᠮᠠᠨᠵᠢᠨ ᠰᠠᠶ᠋ᠢ ᠲᠠᠯᠠᠷᠬᠠᠯ ᠨᠢ ᠴᠦ ᠬᠦᠨᠳᠦᠴᠡ ᠲᠠᠢ ᠪᠤᠯᠵᠦ ᠲᠡᠶᠢᠯᠲᠡᠭ ᠪᠢᠯᠡ᠃
 
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号