ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ︽ᠪᠢᠷ ᠠᠳᠬᠤᠭᠤᠯ︾ ᠬᠤᠯᠪᠤᠭᠠᠨ ᠤ ᠢᠷᠠᠭᠤ ᠨᠠᠶᠢᠷᠠᠭᠴᠢᠳ ᠤᠨ ᠪᠦᠲᠦᠭᠡᠯ ᠤᠳ ︵ᠬᠤᠶᠠᠷ︶
ᠨᠡᠶᠢᠲᠡᠯᠡᠭᠰᠡᠨ ᠴᠠᠭ᠄
2019-04-01
     10 ᠲᠤᠮᠪᠤᠶᠢᠵᠦ ᠰᠠᠭᠤᠳᠠᠭ ᠨᠢ ᠬᠦᠭᠡᠷᠦᠭᠦᠨ ᠲᠤᠳᠤᠷ᠎ᠡ ᠪᠠᠨ ᠪᠤᠳᠤᠭᠰᠡᠨ ᠢᠶᠠᠨ ᠶᠠᠷᠢᠬᠤ ᠭᠡᠵᠦ ᠲᠦᠭᠲᠡᠷᠡᠵᠦ ᠲᠤᠳᠠᠭᠤ ᠤᠷᠬᠢᠴᠢᠬᠠᠭᠠᠳ ᠲᠤᠬᠤ ᠪᠠᠨ ᠢᠯᠢᠵᠦ ᠢᠨᠢᠶᠡᠲᠡᠭ ᠨᠢ ᠪᠦᠷ ᠴᠦ ᠬᠦᠭᠡᠷᠦᠭᠦᠨ ᠵᠠᠩ ᠨᠢ ᠲᠦᠯᠭᠡᠭᠦᠨ ︽ᠵᠠᠮᠤᠬ᠎ᠠ ᠶᠢᠨ ᠦᠴᠢᠯ︾ ᠢ ᠲᠤᠷᠬᠤ ᠦᠭᠡᠢ ᠴᠡᠭᠡᠵᠢᠯᠡᠵᠦ ᠵᠠᠳᠠᠷᠠᠨ ᠠᠶᠢᠮᠠᠭ ᠤᠨ ᠲᠦᠷᠦᠭᠦᠴᠢ ᠶᠢᠨ ᠨᠢᠯᠪᠤᠰᠤᠲᠦ ᠲᠡᠦᠭᠡ ᠶᠢ ᠤᠶᠠᠩᠭᠠᠯᠠᠴᠢᠬᠠᠭᠠᠳ ︿ᠵᠠ᠂ ᠪᠢ ᠶᠡᠷᠦ ᠨᠢ ᠶᠠᠭᠠᠬᠢᠪᠡ︖﹀ ᠬᠡᠲᠡᠭ ᠵᠠᠯᠠᠭᠤᠬᠠᠨ ᠮᠦᠷᠲᠡᠭᠡᠨ ᠲᠠᠷᠤᠤᠬᠠᠨ ᠨᠢᠭᠡᠨ᠃      11 ᠴᠢᠯᠠᠭᠤ ᠬᠤᠪᠤᠷ ᠲᠠᠢ ᠨᠤᠳᠤᠭ ᠢᠶᠠᠨ ᠤᠷᠬᠢᠵᠦ ᠠᠶᠢᠯ ᠤᠨ ᠪᠤᠱᠤᠭᠠᠨ ᠳᠤ ᠢᠷᠡᠭᠡᠳ ᠴᠢᠰᠴᠦ ᠲᠠᠷᠯᠢᠭ ᠤᠨ ᠡᠩᠭᠡᠷ ᠨᠤᠷᠤᠲᠡᠯ᠎ᠡ ᠡᠵᠢ ᠶᠢ ᠪᠠᠨ ᠰᠠᠨᠠᠵᠦ ᠦᠭᠡᠶᠢᠯᠡᠲᠡᠭ ᠡᠯᠢᠭᠡᠨ ᠤ ᠬᠢᠨᠢ ᠦᠭᠡᠳᠠᠰᠦ ᠪᠤᠯᠬᠤ ᠦᠷ᠎ᠡ ᠶᠢᠨ ᠢᠶᠠᠨ ᠵᠤᠯᠠᠢ ᠶᠢ ᠦᠨᠦᠷᠯᠡᠭᠡᠳ ᠦᠢᠯᠡᠰ ᠤᠨ ᠵᠠᠮ ᠢᠶᠠᠨ ᠡᠯᠭᠦᠨ ᠠᠪᠴᠦ ᠨᠤᠮ ᠤᠨ ᠮᠦᠷ ᠲᠤ ᠴᠠᠭᠠᠷᠠᠭᠰᠡᠨ ᠤᠷᠠᠨ ᠢᠷᠠᠭᠤ ᠬᠤᠭᠤᠯᠠᠢ ᠪᠠᠷ ᠢᠶᠠᠨ ᠲᠠᠭᠤᠤ ᠨᠠᠶᠢᠷᠠᠭ ᠢᠶᠠᠨ ᠮᠢᠯᠢᠶᠠᠳᠠᠭ ᠤᠬᠠᠭᠠᠨ ᠴᠡᠴᠡᠨ ᠠᠪᠢᠶᠠᠰ ᠨᠢ ᠤᠯᠠᠨ ᠤ ᠪᠠᠨ ᠬᠠᠶᠢᠷ᠎ᠡ ᠶᠢ ᠲᠠᠳᠠᠳᠠᠭ ᠤᠷᠮᠠᠰ ᠲᠤᠷᠮᠤᠰ ᠬᠡᠭᠦ ᠪᠠᠷ ᠤᠪᠤᠯᠵᠠᠬᠤ ᠰᠡᠳᠬᠢᠯ ᠬᠡᠶᠢᠷᠭᠡᠲᠡᠭ ᠤᠶᠠᠨ ᠲᠤᠶᠠᠨ ᠠᠯᠬᠤᠳᠠᠭ ᠦᠩᠭᠡᠯᠢᠭ ᠪᠦᠰᠡᠭᠦᠢ ᠲᠡᠨ ᠤ ᠲᠠᠰᠢᠭᠤ ᠵᠠᠭᠠᠮ᠎ᠡ ᠲᠠᠢ ᠲᠡᠪᠡᠯ ᠤᠨ ᠬᠢᠨᠢ ᠰᠤᠭᠤᠨ ᠤ ᠲᠤᠪᠴᠢ ᠶᠢ ᠠᠵᠢᠭ᠎ᠠ ᠦᠭᠡᠢ ᠴᠦ ᠲᠠᠩᠬᠢᠯᠬᠠᠨ ᠪᠡᠶ᠎ᠡ ᠶᠢ ᠨᠢ ᠨᠠᠯᠠᠭᠠᠳ ᠰᠠᠭᠤᠬᠤ ᠪᠤᠳᠤᠯ ᠢᠶᠠᠷ ᠶᠡᠷᠦ ᠨᠢ ᠬᠠᠶᠠᠭ᠎ᠠ ᠦᠭᠡᠢ ᠁      12 ᠭᠠᠨᠢᠬᠠᠷᠡᠯ ᠳᠤ ᠦᠪᠡᠷ ᠢ ᠪᠠᠨ ᠠᠯᠳᠠᠭ᠎ᠠ ᠦᠭᠡᠢ ᠭᠤᠪᠢ ᠶᠢᠨ ᠰᠤᠳᠤᠨ ᠰᠠᠷᠠᠨᠠᠢ ᠴᠢᠭᠡᠴᠢ ᠰᠢᠯᠤᠭᠤᠨ ᠵᠠᠩ ᠲᠠᠢ ᠴᠡᠴᠡᠨ ᠶᠦᠮᠦᠷ ᠶᠠᠷᠢᠶ᠎ᠡ ᠲᠠᠢ ᠴᠡᠩᠭᠡᠯ ᠳᠤ ᠲᠠᠰᠢᠭᠤᠷᠠᠵᠦ ᠲᠡᠷᠪᠡᠲᠡᠭ ᠴᠡᠴᠡᠭ ᠲᠠᠮᠵᠢᠳᠠᠭ ᠡᠷᠪᠡᠬᠡᠢ ᠪᠢᠰᠢ ᠦᠦᠷ ᠤᠨ ᠭᠡᠭᠡ ᠰᠢᠭ ᠴᠠᠭᠠᠨ ᠰᠡᠳᠬᠢᠯ ᠲᠠᠢ ᠦᠨᠡᠨ ᠦᠩᠭᠡ ᠪᠠᠷ ᠯᠡ ᠮᠠᠯᠳᠡᠭᠡᠨᠡᠵᠦ ᠪᠠᠶᠢᠭ᠎ᠠ ᠦᠷᠦᠪᠴᠢᠭᠡᠨ ᠬᠠᠶᠢᠷ᠎ᠡ ᠶᠢᠨ ᠲᠤᠰᠤᠯ ᠮᠦᠩᠭᠦᠯᠢᠭ᠃      13 ᠭᠬᠢᠷ ᠲᠠᠢ ᠭᠠᠷ ᠬᠦᠷᠦᠮ᠎ᠡ ᠦᠭᠡᠢ ᠭᠡᠭᠡ ᠲᠤᠶᠠᠭᠠᠷᠠᠭᠰᠡᠨ ᠬᠠᠴᠠᠷ ᠲᠠᠢ ᠬᠡᠵᠢᠶ᠎ᠡ ᠤᠵᠤᠭᠤᠷ ᠤᠨ ᠲᠠᠨᠢᠯ ᠰᠢᠭ᠋ ᠭᠡ ᠦᠭᠡᠢ ᠲᠤᠳᠤᠨᠤᠬᠠᠨ ᠶᠠᠷᠢᠶ᠎ᠡ ᠲᠠᠢ ᠬᠦᠭᠡᠷᠦᠨ ᠲᠡᠭᠲᠡᠭᠡᠳ ᠪᠠᠶᠠᠷᠯᠡᠪᠡᠯ ᠬᠦᠪᠴᠦ ᠪᠠᠶᠢᠭ᠎ᠠ ᠰᠢᠭ᠋ ᠲᠦᠷᠭᠡᠨ ᠶᠠᠪᠤᠳᠠᠭ ᠲᠦᠷᠢᠯᠭᠡ ᠵᠠᠯᠭᠠᠭᠠᠳ ᠡᠷᠭᠦᠯᠲᠡ ᠬᠢᠬᠦ ᠳᠡᠭᠡᠨ ᠲᠠᠭᠤᠨ ᠤ ᠦᠩᠭᠡ ᠨᠢ ᠴᠠᠷᠢᠭᠤᠨ ᠪᠠᠶᠢᠳᠠᠭ᠃      14 ᠭᠤᠪᠢ ᠲᠡᠯ᠎ᠡ ᠶᠢᠨ ᠠᠭᠤᠯᠵᠠᠭᠤᠷ ᠲᠡᠭᠡᠷ᠎ᠡ ᠭᠤᠨᠳᠠᠵᠦ ᠤᠷᠭᠤᠭᠰᠡᠨ ᠢᠷᠭᠤᠢ ᠭᠤᠷᠮᠤᠰᠤᠯᠠᠨ ᠲᠤᠮᠤᠭᠰᠡᠨ ᠡᠷᠴᠢ ᠪᠠᠨ ᠭᠤᠳᠤᠭᠠᠵᠦ ᠶᠠᠪᠤᠭ᠎ᠠ ᠦᠭᠡᠢ ᠠᠯᠳᠠᠷᠲᠠᠢ ᠡᠭᠦᠯᠡ ᠲᠠᠢ ᠲᠡᠭᠷᠢ ᠶᠢᠨ ᠬᠤᠷᠮᠤᠢ ᠰᠠᠭᠤᠵᠦ ᠡᠷᠦᠭᠡ ᠪᠠᠨ ᠲᠡᠳᠠᠭᠰᠡᠨ ᠪᠦᠰᠡᠭᠦᠢ ᠦᠭᠡ ᠶᠢᠨ ᠤᠷ᠎ᠡ ᠤᠬᠠᠭᠠᠨ ᠤ ᠴᠡᠴᠡᠨ ᠢ ᠢᠵᠢᠯᠭᠡᠨ ᠦᠪᠯᠡᠭᠰᠡᠨ ᠮᠠᠯᠴᠢᠨ᠃      15 ᠭᠤᠤᠯ ᠤᠨ ᠮᠦᠰᠦ ᠬᠠᠶᠢᠯᠤᠭᠠᠳ ᠬᠦᠭᠦᠭᠡ ᠲᠤᠩᠭᠤᠳᠬᠤ ᠶᠢᠨ ᠴᠠᠭ ᠢᠶᠠᠷ ᠭᠤᠷᠪᠠᠨ ᠰᠦᠯᠲᠡ ᠶᠢᠨ ᠨᠤᠳᠤᠭ ᠤᠨᠢᠶᠠᠷ ᠲᠠᠳᠠᠵᠦ ᠡᠬᠢᠯᠡᠨ᠎ᠡ ᠲᠦᠴᠢᠨ ᠨᠠᠮᠦᠷ ᠤᠨ ᠬᠢᠷᠠᠭᠤ ᠲᠦᠷᠦᠭᠡᠨ ᠲᠠᠪᠠᠭ ᠬᠤᠴᠢᠬᠤ ᠳᠤ ᠲᠦᠷᠪᠠᠨ ᠴᠠᠭ ᠤᠨ ᠰᠠᠯᠬᠢ ᠴᠢᠬᠢᠨ ᠳᠤ ᠱᠤᠤᠬᠢᠵᠦ ᠰᠢᠪᠡᠨᠡᠨ᠎ᠡ ᠲᠠᠪᠢᠲᠦ ᠶᠢᠨ ᠲᠠᠪᠠᠭᠠᠨ ᠳᠤ ᠭᠠᠷᠬᠤ ᠪᠠᠷ ᠲᠤᠭᠤᠨᠤᠨ ᠤ ᠴᠢᠬᠳᠠᠭ᠎ᠠ ᠰᠠᠵᠢᠯᠠᠭᠠᠳ ᠲᠠᠪᠢᠯᠠᠩ ᠤᠨᠤᠭᠠᠭᠰᠡᠨ ᠵᠠᠶᠠᠭ᠎ᠠ ᠬᠦᠨᠳᠡᠭᠦᠷᠢ ᠨᠠᠮᠠᠵᠦ ᠢᠷᠡᠨ᠎ᠡ ᠵᠠᠵᠢᠨ ᠪᠤᠭᠤᠷᠤᠯ ᠰᠠᠭᠤᠵᠦ ᠵᠠᠭᠤᠨ ᠨᠠᠮᠦᠷ ᠢ ᠦᠲᠡᠬᠦ ᠳᠤ ᠴᠡᠭᠡᠨ ᠰᠠᠷᠡᠨ ᠤ ᠬᠡᠷᠡᠯ ᠳᠤ ᠤᠮᠪᠠᠵᠦ ᠴᠡᠴᠡᠭ ᠤᠨ ᠰᠢᠭᠦᠲᠡᠷᠢ ᠳᠤ ᠵᠢᠷᠭᠠᠵᠦ ᠠᠭᠤᠰᠤᠨ᠎ᠡ᠃      16 ᠮᠤᠷᠢ᠂ ᠪᠦᠭᠡ᠂ ᠮᠤᠩᠭᠤᠯ ᠨᠠᠭᠠᠳᠤᠮ ᠳᠤ ᠬᠤᠷᠤᠬᠠᠶᠢᠰᠢᠭᠰᠡᠨ ᠮᠠᠯ ᠤᠨ ᠬᠡᠰᠢᠭ ᠢᠶᠠᠨ ᠬᠦᠷᠲᠡᠵᠦ ᠡᠪᠦᠭᠡᠳ ᠤᠨ ᠨᠤᠳᠤᠭ ᠰᠠᠬᠢᠬᠰᠡᠨ ᠴᠤᠶᠢᠨᠤᠮ ᠤᠨ ᠲᠡᠭᠦᠪᠦᠷᠢ ᠠᠴᠠ ︽ᠲᠤᠮ᠎ᠡ︾ ᠶᠢ ᠴᠡᠭᠡᠵᠢᠯᠡᠵᠦ ᠭᠠᠩᠭᠠᠷᠠᠭᠰᠡᠨ ᠴᠠᠭ ᠤᠨ ᠬᠠᠯᠠᠭᠤᠨ ᠳᠤ ᠤᠯᠠᠨ ᠳᠠᠭᠠᠨ ᠤᠩᠰᠢᠵᠦ ᠴᠤᠤᠬᠢᠭᠤᠯᠤᠭᠰᠡᠨ ᠬᠦᠲᠡᠭᠡ ᠪᠠᠨ ᠰᠠᠭᠤᠵᠦ᠂ ᠬᠦᠷᠵᠡᠩ ᠤᠨ ᠭᠠᠯ ᠳᠤ ᠮᠢᠬ᠎ᠠ ᠪᠠᠨ ᠴᠢᠨᠠᠴᠢᠬᠠᠭᠠᠳ ᠬᠦᠷᠰᠢ ᠶᠢᠨ ᠢᠶᠠᠨ ᠪᠦᠰᠡᠭᠦᠢ ᠶᠢ ᠬᠠᠷᠭᠤᠯᠳᠠᠵᠦ ᠪᠠᠶᠢᠳᠠᠭ ᠴᠠᠯ ᠵᠠᠯᠠᠭᠤ ᠨᠡᠷᠬᠢᠮ᠎ᠡ ᠨᠠᠰᠤᠨ ᠳᠠᠭᠠᠨ ᠴᠡᠴᠡᠷ ᠤᠨ ᠡᠮᠦᠨ᠎ᠡ ᠪᠠᠷᠢᠯᠳᠤᠵᠦ ᠶᠠᠪᠤᠬᠰᠡᠨ ᠤᠪᠤᠭ᠎ᠠ ᠬᠠᠶᠢᠷᠬᠠᠳ ᠲᠠᠭᠠᠨ ᠰᠦᠵᠢᠭᠯᠡᠨ ᠮᠦᠷᠭᠦᠵᠦ ᠤᠷᠤᠨ ᠨᠤᠳᠤᠭ ᠲᠠᠭᠠᠨ ᠡᠵᠡᠨ ᠶᠠᠪᠤᠭ᠎ᠠ ᠡᠷ᠎ᠡ ᠬᠦᠮᠦᠨ᠃      17 ᠵᠢᠰᠦ ᠪᠠᠨ ᠬᠠᠷᠠᠭᠤᠯᠤᠭ᠎ᠠ ᠦᠭᠡᠢ ᠨᠡᠷ᠎ᠡ ᠨᠢ ᠲᠠᠨᠢᠯᠬᠠᠨ ᠵᠢᠷᠤᠭᠡ ᠠᠮᠦᠷᠠᠭᠤᠯᠤᠭ᠎ᠠ ᠦᠭᠡᠢ ᠰᠢᠯᠦᠭ ᠨᠢ ᠬᠠᠯᠠᠭᠤᠬᠠᠨ ᠲᠠᠷᠬᠠᠨ ᠨᠤᠳᠤᠭ ᠢᠶᠠᠨ ᠰᠠᠬᠢᠵᠦ ᠰᠠᠭᠤᠭ᠎ᠠ ᠨᠠᠶᠢᠷᠠᠬᠴᠢ ᠪᠦᠰᠡᠭᠦᠢ ᠲᠠᠨ ᠲᠠᠢ ᠲᠠᠷᠠᠭᠠᠴᠢ ᠶᠢᠨ ᠳ᠋ᠤᠭᠠᠷ ᠲᠤ ᠴᠠᠭ ᠲᠤᠪᠯᠡᠵᠦ ᠵᠠᠪᠠᠯ ᠤᠴᠠᠷᠠᠬᠤ ᠪᠠᠨ ᠬᠡᠯᠡᠶ᠎ᠡ᠃      18 ᠤᠭᠤᠲᠡ ᠲᠠᠢ ᠮᠦᠩᠭᠦ ᠰᠢᠲᠡᠵᠦ ᠦᠭᠭᠦᠭᠰᠡᠨ ᠴᠦ ᠨᠢᠲᠦ ᠨᠢ ᠴᠠᠪᠴᠢᠬᠤ ᠪᠠᠷ ᠦᠭᠡᠢ ᠤᠭᠤᠴᠡ ᠲᠠᠢ ᠮᠢᠬ᠎ᠠ ᠡᠮᠦᠨ᠎ᠡ ᠨᠢ ᠲᠠᠯᠪᠢᠬᠰᠡᠨ ᠴᠦ ᠵᠠᠪᠠᠵᠢ ᠨᠢ ᠬᠦᠲᠡᠯᠬᠦ ᠪᠠᠷ ᠦᠭᠡᠢ ᠤᠳᠬ᠎ᠠ ᠵᠤᠬᠢᠶᠠᠯ᠂ ᠵᠠᠩ ᠠᠭᠠᠯᠢ᠂ ᠲᠡᠦᠭᠡ ᠶᠢᠨ ᠰᠡᠳᠤᠪ ᠬᠦᠨᠳᠡᠬᠦ ᠪᠠᠷ ᠤᠤᠬᠠᠢ ᠶᠢᠨ ᠲᠡᠰ ᠪᠤᠯᠵᠦ ᠤᠯᠠᠭᠠᠨ ᠬᠤᠭᠤᠯᠠᠢ ᠳᠤᠨᠢ ᠤᠳᠤᠭ᠎ᠠ ᠪᠤᠷᠬᠢᠬᠰᠡᠨ ᠴᠦ ᠵᠤᠭᠰᠤᠨ᠎ᠡ ᠭᠡᠵᠦ ᠪᠠᠶᠢᠳᠠᠭ ᠦᠭᠡᠢ ᠵᠠᠩ ᠢᠶᠠᠨ ᠤᠯᠪᠠᠯ ᠲᠠᠨᠡᠢᠬᠢᠨ ᠮᠠᠨᠠᠢᠬᠢᠨ ᠢᠯᠭᠠᠳᠠᠭ ᠦᠭᠡᠢ ︵ᠨᠠᠶᠢᠷᠠᠭᠤᠯᠤᠭᠴᠢ︶ ᠵᠢᠭᠠᠬᠠᠨ ᠬᠦᠭᠰᠡᠪᠡᠯ ᠱᠠᠯᠠᠨ ᠤ ᠰᠢᠷ ᠬᠤᠪᠬᠤ ᠲᠡᠪᠢᠰᠬᠦ ᠪᠦᠵᠢᠭᠴᠢ᠃                                                                ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号