| ᠭᠠ᠊᠂ ᠪᠢᠯᠢᠭᠪᠡᠭᠠᠳᠤᠷ | | ᠨ᠊ᠵᠭᠡ ᠯᠡ ᠮᠡᠲᠡᠬᠦ ᠳᠤ | ᠬᠠᠵᠠᠭᠤ ᠡᠩᠭᠡᠷ ᠤᠨ ᠴᠠᠰᠦ ᠬᠦᠬᠦᠭᠡᠨ ᠲᠠᠭᠤᠨ ᠢᠶᠠᠷ | ᠬᠠᠭᠵᠠᠷᠠᠴᠢᠬᠠᠭᠰᠡᠨ ᠪᠠᠶᠢᠳᠠᠭ ᠶᠤᠮ | ᠬᠠᠨ ᠲᠡᠭᠷᠢ ᠶᠢᠨ ᠠᠷᠠᠨᠰᠢᠨ ᠤᠷᠢᠨ ᠤ ᠰᠤᠷᠠᠭ ᠢᠶᠠᠷ | ᠵᠦᠭᠡᠯᠡᠷᠡᠴᠢᠭᠡᠭᠰᠡᠨ ᠪᠠᠶᠢᠳᠠᠭ ᠶᠤᠮ | ᠬᠠᠳᠠᠨ ᠤ ᠡᠭᠡᠪᠦᠷ ᠬᠠᠭᠲᠡ ᠨᠤᠭᠤᠭ᠎ᠠ | ᠴᠤᠬᠤᠶᠢᠴᠢᠬᠠᠭᠰᠡᠨ ᠪᠠᠶᠢᠳᠠᠭ ᠶᠤᠮ | ᠬᠠᠷᠢ ᠶᠢᠨ ᠠᠶᠢᠯᠴᠢᠨ ᠰᠢᠪᠠᠭᠤᠳ ᠨᠠᠷᠡᠨ ᠵᠦᠭ ᠠᠴᠠ | ᠠᠶᠢᠰᠤᠢ ᠪᠠᠶᠢᠳᠠᠭ ᠶᠤᠮ | ᠬᠠᠯᠵᠠᠨ ᠪᠢᠷᠠᠭᠤ ᠤᠮᠤᠷᠤᠤ ᠡᠭᠡᠮ ᠠᠴᠠ ᠪᠠᠨ ᠡᠬᠢᠯᠡᠵᠦ | ᠭᠤᠤᠵᠢᠴᠢᠬᠠᠭᠰᠡᠨ ᠪᠠᠶᠢᠳᠠᠭ ᠶᠤᠮ | ᠬᠠᠪᠤᠷ ᠤᠨ ᠤᠬᠳᠤᠮᠵᠢ ᠡᠷᠳᠡᠯᠡᠵᠦ ᠬᠠᠶᠠᠭ᠎ᠠ ᠪᠠᠭᠤᠴᠡᠨ ᠳᠤ | ᠮᠤᠷᠢᠯᠠᠴᠢᠬᠠᠭᠰᠡᠨ ᠪᠠᠶᠢᠳᠠᠭ ᠶᠤᠮ | | ᠨᠢᠭᠡ ᠯᠡ ᠮᠡᠲᠡᠭᠦ ᠳᠤ | ᠤᠷᠢᠯᠭᠠᠨ ᠤ ᠰᠠᠯᠬᠢ ᠬᠦᠯᠦᠭᠯᠡᠵᠦ ᠰᠠᠩᠰᠠᠨ ᠬᠤᠷᠸ᠎ᠠ | ᠵᠦᠰᠡᠷᠡᠴᠢᠭᠡᠭᠰᠡᠨ ᠪᠠᠶᠢᠳᠠᠭ ᠶᠤᠮ | ᠠᠭᠤᠯᠡ ᠲᠡᠯ᠎ᠡ ᠶᠢ ᠠᠷᠢᠭᠤᠰᠬᠠᠵᠦ ᠰᠤᠳᠤᠨ ᠴᠢᠬᠢᠭ | ᠬᠠᠩᠬᠤᠯᠴᠢᠬᠠᠭᠰᠡᠨ ᠪᠠᠶᠢᠳᠠᠭ ᠶᠤᠮ | ᠵᠡᠷᠭᠡᠯᠭᠡᠨ ᠦᠶᠠᠯᠵᠡᠭᠰᠡᠨ ᠬᠦᠨᠲᠡᠢ ᠵᠦᠢᠯ ᠤᠨ ᠴᠡᠴᠡᠭ ᠢᠶᠠᠷ | ᠮᠢᠷᠠᠯᠵᠠᠴᠢᠬᠠᠭᠰᠡᠨ ᠪᠠᠶᠢᠳᠠᠭ ᠶᠤᠮ | ᠵᠡᠯ᠎ᠡ ᠲᠡᠳᠠᠭᠰᠡᠨ ᠠᠶᠢᠯ ᠤᠳ ᠰᠠᠭᠠᠯᠢ ᠰᠦ ᠪᠠᠷ | ᠴᠠᠯᠬᠢᠯᠠᠴᠢᠬᠠᠭᠰᠡᠨ ᠪᠠᠶᠢᠳᠠᠭ ᠶᠤᠮ | ᠵᠤ ᠪᠠᠷ ᠲᠦᠭᠦᠷᠡᠩ ᠰᠦᠷᠦᠭ ᠤᠰᠤᠨ ᠲᠠᠷᠭᠤ ᠪᠠᠷ | ᠴᠠᠶᠢᠷᠠᠴᠢᠬᠠᠭᠰᠡᠨ ᠪᠠᠶᠢᠳᠠᠭ ᠶᠤᠮ | ᠵᠤᠨ ᠤ ᠲᠠᠩᠰᠤᠭ ᠦᠩᠭᠡ ᠲᠤᠰᠤᠨ ᠪᠤᠳᠤᠭ ᠢᠶᠠᠷ | ᠵᠢᠷᠤᠬᠳᠠᠴᠢᠬᠠᠭᠰᠡᠨ ᠪᠠᠶᠢᠳᠠᠭ ᠶᠤᠮ ᠡ | | ᠨᠢᠭᠡ ᠯᠡ ᠮᠡᠲᠡᠬᠦ ᠳᠤ | ᠲᠦᠷᠦᠭᠡ ᠰᠢᠭᠦᠷᠡᠮ᠎ᠡ ᠪᠡᠯᠴᠢᠭᠡᠷ ᠬᠠᠷᠠᠭ᠎ᠠ ᠠᠯᠳᠠᠮᠡ | ᠬᠠᠯᠢᠭᠤᠷᠠᠴᠢᠬᠠᠭᠰᠡᠨ ᠪᠠᠶᠢᠳᠠᠭ ᠶᠤᠮ | ᠲᠡᠨᠵᠢ ᠭᠤᠶᠤᠭᠰᠡᠨ ᠨᠠᠭᠠᠳᠤᠮ ᠰᠡᠳᠬᠢᠯ ᠪᠠᠶᠠᠰᠬᠠᠮ᠎ᠠ | ᠤᠶᠢᠷᠠᠳᠤᠴᠢᠬᠠᠭᠰᠡᠨ ᠪᠠᠶᠢᠳᠠᠭ ᠶᠤᠮ | ᠰᠠᠮᠠᠷᠠᠨ ᠰᠠᠨᠠᠬᠤ ᠶᠢᠨ ᠵᠠᠶᠠᠭᠠᠨ ᠳᠤ ᠭᠡᠨᠡᠨ ᠪᠤᠳᠤᠯ | ᠤᠳᠤᠷᠯᠠᠴᠢᠬᠠᠭᠰᠡᠨ ᠪᠠᠶᠢᠳᠠᠭ ᠶᠤᠮ | ᠰᠠᠮᠠᠵᠠᠨ ᠡᠭᠦᠯᠡᠨ ᠤ ᠨᠡᠭᠦᠲᠡᠯ ᠳᠤ ᠬᠡᠬᠡᠨ ᠭᠤᠨᠢᠭ | ᠬᠡᠨᠵᠡᠯᠡᠴᠢᠭᠡᠭᠰᠡᠨ ᠪᠠᠶᠢᠳᠠᠭ ᠶᠤᠮ | ᠨᠠᠷ᠎ᠡ ᠰᠠᠷᠠᠨ ᠤ ᠡᠭᠡᠯᠵᠢᠨ ᠳᠤ ᠤᠯᠠᠷᠢᠯ ᠤᠨ ᠦᠩᠭᠡ | ᠰᠤᠯᠢᠭᠳᠠᠴᠢᠬᠠᠭᠰᠡᠨ ᠪᠠᠶᠢᠳᠠᠭ ᠶᠤᠮ | ᠨᠠᠮᠦᠷ ᠤᠨ ᠲᠤᠷᠭᠠᠨ ᠰᠡᠪᠡᠯᠭᠡᠨ ᠳᠤ ᠮᠦᠩᠭᠦᠨ ᠬᠢᠷᠠᠭᠤ | ᠤᠨᠠᠴᠢᠬᠠᠭᠰᠡᠨ ᠪᠠᠶᠢᠳᠠᠭ ᠶᠤᠮ | | ᠨᠢᠭᠡ ᠯᠡ ᠮᠡᠲᠡᠭᠦ ᠳᠤ | ᠤᠩᠭᠤᠴᠡ ᠲᠠᠢ ᠤᠰᠤ ᠬᠦᠪᠡᠭᠡ ᠵᠠᠬ᠎ᠠ ᠠᠴᠠ ᠪᠠᠨ | ᠵᠠᠶᠢᠷᠮᠠᠬᠯᠠᠴᠢᠬᠠᠭᠰᠡᠨ ᠪᠠᠶᠢᠳᠠᠭ ᠶᠤᠮ | ᠤᠷᠤᠢ ᠲᠤᠯᠤᠭᠠᠳ ᠬᠢᠷᠠᠮᠠᠭ ᠴᠠᠰᠤᠨ ᠳᠤ | ᠬᠤᠴᠢᠬᠳᠠᠴᠢᠬᠠᠭᠰᠡᠨ ᠪᠠᠶᠢᠳᠠᠭ ᠶᠤᠮ | ᠬᠤᠯᠡ ᠶᠢᠨ ᠲᠡᠭᠷᠢ ᠶᠢᠨ ᠤᠳᠤᠳ ᠤᠨ ᠭᠡᠭᠡ | ᠴᠠᠩᠳᠤᠴᠢᠬᠠᠭᠰᠡᠨ ᠪᠠᠶᠢᠳᠠᠭ ᠶᠤᠮ | ᠬᠤᠷ ᠲᠠᠢ ᠰᠦᠷᠦᠭ ᠤᠳ ᠲᠤᠯᠠᠭᠠᠨ ᠡᠪᠦᠯᠵᠢᠶᠠᠨ ᠳᠡᠭᠡᠨ | ᠨᠠᠯᠠᠶᠢᠴᠢᠬᠠᠭᠰᠡᠨ ᠪᠠᠶᠢᠳᠠᠭ ᠶᠤᠮ | ᠶᠢᠰᠦ ᠲᠤᠭᠠᠯᠠᠵᠦ ᠬᠦᠢᠲᠡᠨ ᠤ ᠡᠷᠴᠢ | ᠴᠢᠩᠭᠠᠷᠠᠴᠢᠬᠠᠭᠰᠡᠨ ᠪᠠᠶᠢᠳᠠᠭ ᠶᠤᠮ | ᠶᠢᠷᠳᠢᠨᠴᠦ ᠶᠢᠨ ᠵᠢᠮ᠎ᠡ ᠪᠠᠷ ᠬᠦᠭᠡᠭᠡ ᠡᠪᠤᠯ | ᠰᠠᠭᠠᠳᠠᠴᠢᠬᠠᠭᠰᠡᠨ ᠪᠠᠶᠢᠳᠠᠭ ᠶᠤᠮ ᠡ᠃ | |