ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ︽ᠪᠢᠷ ᠠᠳᠬᠤᠭᠤᠯ︾ ᠬᠤᠯᠪᠤᠭᠠᠨ ᠤ ᠢᠷᠠᠭᠤ ᠨᠠᠶᠢᠷᠠᠭᠴᠢᠳ ᠤᠨ ᠢᠷᠠᠭᠤ ᠨᠠᠶᠢᠷᠠᠭ ᠤᠨ ᠪᠦᠲᠦᠭᠡᠯ ᠤᠳ ︵ᠨᠢᠭᠡ︶
ᠨᠡᠶᠢᠲᠡᠯᠡᠭᠰᠡᠨ ᠴᠠᠭ᠄
2019-03-28
                ᠨᠢᠭᠡ ᠤᠷᠠᠳ ᠨᠤᠳᠤᠭ ᠤᠨ ᠦᠵᠡᠰᠭᠦᠯᠡᠩ ᠭᠤᠪᠠᠢ ᠤᠬᠠᠭᠠᠨ ᠴᠡᠯᠮᠡᠭ ᠤᠶᠠᠬᠠᠨ ᠪᠦᠦᠪᠡᠢ ᠰᠠᠴᠡᠨ ᠤᠷᠠᠨ ᠵᠢᠷᠦᠭᠡᠨ ᠪᠤᠯᠪᠠᠷᠠᠢ ᠴᠡᠴᠡᠨ ᠤᠢ ᠲᠠᠢ ᠬᠠᠶᠢᠷ᠎ᠡ ᠶᠢᠨ ᠦᠦᠪᠡᠢ ᠦᠨᠳᠦᠷ ᠨᠠᠰᠤᠲᠠᠢ ᠡᠪᠦᠭᠡ ᠪᠠᠨ ᠲᠦᠰᠢᠭᠡᠳ ᠦᠨᠡᠲᠦ ᠰᠤᠶᠤᠯ ᠤᠨ ᠭᠡᠭᠡ ᠵᠠᠯᠭᠠᠭᠰᠡᠨ ᠦᠨᠡᠨ ᠴᠠᠭᠠᠨ ᠢ ᠵᠦᠪ ᠲᠤᠩᠭᠠᠳᠠᠭ ᠤᠬᠠᠭᠠᠨᠲᠦ ᠪᠦᠰᠡᠭᠦᠢ ᠶᠢᠨ ᠪᠤᠳᠤᠯ ᠭᠠᠶᠢᠬᠠᠮᠰᠢᠭ᠃                 ᠬᠤᠶᠠᠷ ᠦᠨᠡᠨ ᠢ ᠲᠠᠨᠢᠬᠤ ᠰᠤᠳᠤᠨ ᠬᠠᠷᠠᠭ᠎ᠠ ᠦᠷᠯᠦᠭᠡ ᠶᠢ ᠤᠭᠳᠤᠬᠤ ᠰᠤᠶᠤᠯ ᠤᠨ ᠴᠤᠤᠷᠢᠶ᠎ᠡ ︽ᠪᠦᠮᠪᠦᠷ ᠪᠦᠮᠪᠦᠷ︾ ᠴᠠᠭ ᠲᠠᠭᠠᠨ ᠲᠤᠤᠭᠠᠷᠤᠨ᠎ᠡ ᠪᠦᠬᠦᠯᠢ ᠤᠷᠴᠢᠯᠠᠩ ᠲᠤᠵᠢ ᠳᠠᠭᠠᠨ ᠲᠤᠭᠳᠤᠯᠤᠨ᠎ᠡ ᠪᠠᠭᠰᠢ ᠬᠦᠮᠦᠨ ᠤ ᠤᠶᠤᠨ ᠤ ᠤᠷ᠎ᠡ ᠪᠦᠰᠡᠭᠦᠢ ᠴᠡᠯᠮᠡᠭ ᠤᠬᠠᠭᠠᠨ ᠤ ᠭᠤᠶᠤ ︽ᠪᠦᠮᠪᠦᠷ ᠪᠦᠮᠪᠦᠷ︾ ᠵᠤᠭ᠎ᠠ ᠲᠠᠢ ᠡᠬᠢᠯᠡᠨ᠎ᠡ ᠪᠦᠲᠦᠨ ᠲᠡᠯᠡᠭᠡᠢ ᠪᠠᠶᠠᠰᠤᠯ ᠳᠤ ᠤᠮᠪᠠᠨ᠎ᠡ᠃                 ᠭᠤᠷᠪᠡ ᠬᠠᠳᠠᠨ ᠳᠤ ᠨᠡᠷ᠎ᠡ ᠪᠠᠨ ᠪᠤᠰᠤᠭ᠎ᠠ ᠪᠠᠷ ᠰᠡᠶᠢᠯᠦᠭᠡᠳ ᠬᠠᠪᠢ ᠲᠦᠰᠦᠷ ᠤᠨ ᠠᠮᠢᠳᠡᠨ ᠢ ᠴᠤᠴᠢᠭᠠᠭᠰᠡᠨ ᠬᠠᠭᠠᠰ ᠨᠠᠰᠦ ᠪᠠᠷ ᠪᠢᠷ ᠴᠤᠬᠤᠷᠳᠠᠭᠤᠯᠤᠭᠠᠳ ᠬᠠᠮᠲᠦ ᠤᠯᠠᠨ ᠢᠶᠠᠨ ᠰᠢᠯᠦᠭ ᠢᠶᠠᠷ ᠢᠶᠠᠨ ᠲᠠᠶᠢᠯᠠᠬᠰᠡᠨ ᠰᠦ ᠲᠠᠢ ᠨᠠᠶᠢᠷᠠᠭ ᠢᠰᠭᠡᠵᠦ ᠪᠦᠢᠯᠡ ᠲᠠᠢ ᠲᠡᠮᠡᠭᠡ ᠬᠦᠲᠦᠯᠦᠭᠰᠡᠨ ᠰᠦᠷᠦᠭ ᠲᠤ ᠨᠢ ᠪᠤᠴᠠᠭᠠᠵᠦ ᠲᠠᠯᠪᠢᠴᠢᠬᠠᠭᠠᠳ ᠪᠤᠷᠠᠨᠳᠠᠭ ᠢ ᠨᠢ ᠡᠪᠦᠷᠯᠡᠵᠦ ᠠᠯᠬᠤᠭᠰᠡᠨ ᠰᠢᠯᠦᠭ ᠤᠨ ᠲᠦᠯᠦᠭᠡ ᠰᠢᠷ᠎ᠡ ᠮᠢᠬ᠎ᠠ ᠪᠠᠨ ᠵᠤᠯᠭᠠᠭᠠᠭᠰᠡᠨ ᠡᠷᠢᠯᠴᠢᠨ ᠬᠦᠦ ᠰᠦᠨᠢ ᠶᠢᠨ ᠤᠳᠤᠳ ᠰᠢᠩᠭᠡᠷᠡᠲᠡᠯ᠎ᠡ ᠨᠠᠶᠢᠷᠠᠭ ᠲᠤ ᠱᠤᠩᠪᠠᠳᠠᠭ ᠡᠷ᠎ᠡ᠃                 ᠲᠦᠷᠪᠡ ᠰᠤᠷᠪᠤᠯᠵᠢ ᠡᠰᠢ ᠲᠠᠢ ᠦᠵᠦᠭ ᠬᠡᠮᠢᠯᠡᠵᠦ ᠰᠤᠳᠤᠨ ᠪᠦᠲᠦᠭᠡᠯ ᠡᠷᠲᠡ ᠲᠤᠭᠤᠷᠪᠢᠵᠦ ᠪᠠᠶᠢᠬᠰᠡᠨ ᠰᠤᠨᠢᠨ᠂ ᠪᠢᠴᠢᠭ᠂ ᠰᠢᠷᠢᠨ ᠭᠤᠳᠤᠯ ᠲᠠᠢ ᠬᠤᠯᠢᠭᠠᠳ ᠰᠤᠷᠭᠠᠭᠤᠯᠢ ᠶᠢᠨ ᠪᠠᠭᠠᠴᠤᠤᠯ ᠳᠤ ᠬᠢᠮᠲᠡ ᠵᠠᠷᠤᠳᠠᠭ ᠪᠠᠶᠢᠬᠰᠡᠨ ᠤᠯᠤᠭᠰᠡᠨ ᠠᠯᠳᠠᠭᠰᠡᠨ ᠨᠢ ᠡᠩ ᠲᠡᠩᠴᠡᠬᠦ ᠪᠠᠨ ᠪᠤᠯᠢᠬᠰᠡᠨ ᠢᠶᠠᠨ ᠤᠯᠠᠶᠢᠮ᠎ᠡ ᠴᠠᠶᠢᠮ᠎ᠡ ᠢᠯᠡ ᠶᠠᠷᠢᠵᠦ ᠴᠢᠳᠠᠳᠠᠭ ᠦᠷᠦ ᠵᠦᠭᠡᠯᠡᠨ᠂ ᠦᠭᠡ ᠶᠢᠨ ᠬᠡᠩᠭᠡᠭ ᠤᠷᠤᠰᠢᠬᠰᠡᠨ ᠦᠪ ᠰᠤᠶᠤᠯ ᠤᠨ ᠢᠶᠠᠨ ᠭᠡᠳ ᠦᠨᠦᠴᠢᠨ ᠡᠯᠢᠭᠡ ᠨᠢ ᠦᠨᠲᠡᠯᠵᠡᠳᠡᠭ ᠦᠷᠯᠦᠭᠡ ᠦᠲᠡᠰᠢ ᠢ ᠲᠡᠮᠡᠴᠡᠵᠦ ᠶᠠᠭᠠᠷᠠᠵᠦ ᠶᠠᠪᠤᠭᠰᠡᠨ ᠤᠤᠭᠠᠯ ᠦᠨᠡᠨ ᠰᠠᠨᠠᠭ᠎ᠠ ᠪᠠᠨ ᠠᠭᠤᠳᠠᠯᠠᠵᠦ ᠶᠠᠷᠢᠵᠦ ᠲᠠᠳᠤᠬᠰᠡᠨ ᠪᠤᠭᠤᠷᠤᠯ᠃                  ᠲᠡᠪᠤ ᠰᠢᠳᠡᠷ᠎ᠡ ᠶᠢᠨ ᠨᠡᠭᠦᠲᠡᠯ ᠲᠠᠭᠤᠷᠢᠶᠠᠵᠦ ᠠᠯᠬᠤᠮ ᠢᠶᠠᠨ ᠵᠦᠭᠡᠭᠡᠭᠦ ᠶᠢᠨ ᠲᠤᠭᠠᠯᠠᠩ ᠳᠠᠭᠠᠨ ᠬᠢᠰᠭᠡᠬᠦ ᠪᠠᠶᠢᠴᠡ ᠪᠠᠨ ᠬᠢᠨᠠᠳᠠᠭ ᠰᠢᠯ ᠤᠨ ᠴᠤᠮᠤ ᠲᠠᠢ ᠴᠠᠢ ᠦᠭᠭᠦ ᠳᠤ ᠲᠡᠮᠰᠢᠶᠠᠯᠠᠵᠦ ᠲᠤᠰᠤᠭᠠᠳ ᠲᠠᠯᠪᠢᠴᠢᠬᠠᠳᠠᠭ ᠰᠡᠳᠬᠢᠯ ᠳᠡᠭᠡᠨ ᠬᠠᠶᠢᠷ᠎ᠡ ᠮᠠᠨᠠᠵᠦ ᠬᠢᠯᠭᠠᠰᠦ ᠤᠷᠠᠵᠦ ᠵᠤᠯᠠᠴᠢᠬᠠᠭᠠᠳ ᠰᠡᠪ ᠲᠠᠢ ᠰᠠᠨᠠᠬᠳᠠᠭᠰᠡᠨ ᠪᠦᠬᠦᠨ ᠢ ᠡᠷᠢᠭᠡᠨ ᠤ ᠦᠷᠡᠯ ᠰᠢᠭ ᠰᠢᠪᠳᠤᠷᠳᠠᠭ ᠦᠯᠢᠭᠡᠷ ᠲᠤᠮᠤᠭ ᠤᠨ ᠪᠠᠭᠠᠳᠤᠷ᠂ ᠨᠤᠳᠤᠭ ᠤᠨ ᠬᠠᠭᠤᠴᠢ ᠳᠠᠭᠠᠨ ᠬᠠᠶᠢᠷ᠎ᠡ ᠲᠠᠢ ᠦᠨᠢ ᠡᠷᠲᠡᠨ ᠤ ᠲᠤᠮᠤᠭ ᠮᠤᠩᠭᠤᠯ ᠤᠬᠠᠭᠠᠨ ᠢ ᠰᠢᠳᠦᠳᠡᠭ ᠨᠢᠭᠡᠨ᠃                  ᠵᠢᠷᠭᠤᠭ᠎ᠠ ᠬᠤᠲᠡ ᠭᠠᠵᠠᠷ ᠤᠨ ᠱᠤᠤᠬᠢᠶᠠᠨ ᠠᠴᠠ ᠵᠠᠶᠢᠳᠠᠭᠤ ᠠᠮᠢᠳᠤᠷᠠᠵᠦ ᠬᠤᠨᠢ ᠮᠠᠯ ᠤᠨ ᠢᠶᠠᠨ ᠬᠡᠰᠢᠭ ᠢᠶᠠᠨ ᠬᠦᠷᠲᠡᠵᠦ ᠬᠤᠶᠢᠴᠢᠰ ᠦᠶ᠎ᠡ ᠳᠡᠭᠡᠨ ᠮᠤᠩᠭᠤᠯ ᠰᠤᠶᠤᠯ ᠢᠶᠠᠨ ᠦᠪᠯᠡᠭᠦᠯᠬᠦ ᠭᠡᠵᠦ ᠬᠤᠪᠦᠷ ᠨᠠᠨᠳᠢᠨ ᠲᠡᠦᠭᠡ ᠰᠤᠶᠤᠯ ᠢᠶᠠᠷ ᠢᠶᠠᠨ ᠪᠠᠭ᠋ᠠᠷᠬᠠᠳᠠᠭ ᠮᠠᠯᠴᠢᠨ ᠪᠦᠰᠡᠭᠦᠢ ᠵᠢᠷ ᠤᠨ ᠠᠷᠡᠳ ᠪᠢᠴᠢᠭ ᠨᠤᠮ ᠳᠤ ᠬᠠᠶᠢᠷᠠᠳᠠᠢ ᠨᠢᠭᠡᠨ ᠮᠡᠴᠢᠳ ᠬᠤᠳᠤᠶᠢᠳᠠᠯ᠎ᠡ ᠳ᠋ᠧᠩ ᠤᠨ ᠭᠡᠷᠡᠯ ᠳᠤ ᠰᠦᠨᠢᠵᠢᠨ ᠤᠩᠰᠢᠬᠤ ᠨᠢ ᠪᠢᠰᠢᠷᠡᠭᠦᠰᠢᠲᠠᠢ᠃                  ᠲᠤᠯᠤᠭ᠎ᠠ ᠰᠦᠷᠯᠡᠭᠦᠨ ᠦᠨᠳᠦᠷ ︽ᠪᠠᠭᠠᠳᠤᠷ ᠬᠠᠶᠢᠷᠬᠠᠨ︾ ᠢᠶᠠᠨ ᠲᠦᠩᠭᠦᠶᠢᠵᠦ ᠪᠠᠶᠢᠬᠤ ᠪᠠᠷ ᠵᠢᠱᠢᠭᠡᠳ ︽ᠰᠡᠭᠡᠰ ᠴᠠᠭᠠᠨ ᠪᠤᠬᠲᠡ︾ ᠶᠢ ᠰᠡᠳᠬᠢᠯ ᠳᠤ ᠪᠠᠭᠤᠳᠡᠯ᠎ᠡ ᠤᠶᠠᠩᠭᠠᠯᠠᠳᠠᠭ ︽ᠤᠪᠤᠭᠠᠨ ᠠᠷᠦ︾ ᠠᠴᠠ ᠨᠢᠰᠦᠭᠰᠡᠨ ᠤᠷᠠᠨ ᠬᠡᠯᠡ ᠲᠠᠢ ᠴᠡᠭᠴᠦᠭᠡᠢ ᠤᠯᠠᠨ ᠵᠠᠯᠠᠭᠤᠰ ᠲᠤ ᠱᠠᠩᠨᠠᠭᠳᠠᠭᠰᠡᠨ ᠴᠢᠮᠡᠭ ᠵᠡᠭᠦᠭᠰᠡᠨ ᠰᠢᠪᠠᠭᠤᠬᠠᠢ ᠨᠤᠳᠤᠭ ᠤᠨ ᠵᠠᠯᠠᠭᠤᠰ ᠱᠤᠤᠬᠢᠯᠳᠤᠭᠠᠳ ᠨᠤᠭᠤ ᠶᠢᠨ ᠡᠷᠪᠡᠭᠡᠢ ᠲᠠᠷᠪᠡᠭᠡᠳ ᠬᠠᠷᠠᠬᠤ ᠭᠡᠵᠦ ᠬᠤᠷᠤᠬᠠᠶᠢᠰᠢᠵᠦ ᠰᠢᠪᠠᠭ᠋ᠤ ᠳᠤᠨᠢ ᠬᠠᠰᠢᠵᠦ ᠬᠠᠰᠬᠢᠷᠠᠭᠤᠯᠤᠭᠰᠠᠭᠠᠷ ᠪᠠᠶᠢᠵᠦ ︿ᠠ᠊᠂ ᠤ᠊﹀ ᠶᠢᠨ ᠬᠤᠭᠤᠯᠠᠢ ᠶᠢ ᠰᠦᠭᠡᠭᠡᠯᠭᠡᠭᠰᠡᠨ ᠬᠡᠲᠡᠭ᠃                   ᠨᠠᠢᠮᠠ ᠱᠠᠩᠲᠦ ᠶᠢᠨ ᠬᠦᠭᠡ ᠪᠠᠭᠤᠴᠡᠨ ᠳᠤ ᠬᠦᠢ ᠪᠠᠨ ᠲᠠᠷᠤᠵᠦ ᠰᠢᠷ᠎ᠡ ᠲᠡᠯ᠎ᠡ ᠶᠢᠨ ᠠᠭᠤᠲᠡᠮ ᠳᠤ ᠲᠠᠭᠤᠤ ᠪᠠᠨ ᠵᠢᠷᠭᠠᠭᠠᠵᠦ ᠪᠢᠯᠢᠭ ᠨᠡᠭᠡᠭᠡᠲᠡᠭ ︽ᠮᠤᠩᠭᠤᠯ ᠰᠢᠲᠡᠷ᠎ᠡ︾ ᠶᠢᠨ ᠰᠤᠶᠤᠯ ᠢ ᠲᠠᠮᠵᠢᠵᠦ ᠪᠡᠶᠢᠯᠡ ᠶᠢᠨ ᠲᠤᠯᠭᠠᠨ ᠳᠤ ᠴᠤᠭ ᠨᠠᠮᠠᠷᠢᠯᠡᠵᠦ ᠢᠷᠡᠭᠰᠡᠨ ᠴᠠᠬᠠᠷ ᠪᠠᠭᠠᠳᠤᠷᠴᠤᠳ ᠤᠨ ᠲᠠᠯᠠᠶᠢᠬᠤ ᠰᠡᠯᠡᠮ᠎ᠡ ᠶᠢᠨ ᠢᠷ ᠶᠠᠪᠤᠭᠰᠡᠨ ᠴᠠᠭᠠᠨ ᠲᠡᠪᠡᠯᠲᠦ ᠲᠤᠷᠭᠠᠨ ᠴᠡᠷᠢᠭ ᠤᠨ ᠪᠦᠯᠢ ᠬᠤᠶᠢᠴᠢᠰ ᠤᠬᠰᠠᠭ᠎ᠠ ᠭᠠᠷᠤᠯ ᠢᠶᠠᠨ ᠭᠤᠳᠤᠭᠠᠵᠦ ᠶᠠᠪᠤᠬᠤ ᠦᠭᠡᠢ ᠬᠦᠦ ᠤᠯᠠᠭᠠᠨ ᠵᠢᠷᠦᠭᠡᠨ ᠤ ᠴᠤᠬᠢᠯᠲᠡ ᠨᠢ ᠰᠠᠭᠠᠷᠠᠬᠤ ᠦᠭᠡᠢ ᠦᠷ᠎ᠡ᠃                    ᠶᠢᠰᠦ ᠬᠤᠷᠴᠢᠨ ᠨᠤᠳᠤᠭ ᠤᠨ ᠬᠦᠷᠦᠰᠦᠨ ᠠᠴᠠ ᠲᠡᠭᠵᠢᠬᠦ ᠰᠢᠮ᠎ᠡ ᠬᠦᠷᠲᠡᠵᠦ ᠬᠤᠪᠢ ᠲᠤᠬᠢᠶᠠᠨ ᠤ ᠡᠷᠭᠡ ᠪᠠᠷ ᠮᠢᠩᠭᠠᠨ ᠭᠠᠵᠠᠷ ᠠᠶᠠᠯᠠᠭᠠᠳ ᠴᠠᠯ ᠵᠠᠯᠠᠭᠤᠬᠠᠨ ᠵᠢᠷᠦᠭᠡ ᠨᠢ ᠢᠲᠡᠭᠡᠯ ᠤᠨ ᠭᠠᠯ ᠳᠤ ᠲᠤᠯᠠᠭᠠᠴᠠᠭᠠᠳ ᠴᠠᠬᠢᠯᠵᠦ ᠲᠡᠮᠦᠯᠡᠬᠦ ᠬᠦᠰᠡᠯ ᠳᠡᠭᠡᠨ ᠡᠷᠲᠡ ᠶᠢᠨ ᠨᠠᠷᠡ ᠶᠢ ᠲᠡᠪᠡᠷᠢᠪᠡ ᠰᠢᠯᠦᠭ ᠤᠶᠠᠩᠭ᠎ᠠ ᠪᠠᠷ ᠵᠠᠯᠠᠭᠤ ᠨᠠᠰᠦ ᠪᠠᠨ ᠴᠢᠮᠡᠵᠦ ᠰᠢᠨ᠎ᠡ ᠴᠠᠭ ᠤᠨ ᠦᠩᠭᠡ ᠨᠠᠶᠢᠷᠠᠵᠦ ᠦᠪ ᠰᠤᠶᠤᠯ ᠢᠶᠠᠨ ᠲᠡᠳᠭᠦᠭᠰᠡᠨ ᠮᠤᠩᠭᠤᠯ ᠪᠦᠰᠡᠭᠦᠢ ᠶᠢᠨ ᠰᠤᠳᠤᠨ ᠤᠬᠠᠭᠠᠨ ᠤ ᠭᠤᠴᠤ ᠦᠯᠢᠭᠡᠷ ᠮᠠᠷᠭᠠᠰᠢ ᠶᠢᠨ ᠡᠷᠡᠨ ᠳᠤ ᠲᠤᠳᠤᠷᠠᠵᠦ ᠴᠤᠯᠭᠤᠷᠠᠬᠤ ᠤᠳᠤ ᠵᠢᠱᠢᠶ᠎ᠡ᠃                      ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号