ᠡᠭᠡ ᠶᠢᠨ ᠰᠡᠳᠬᠢᠯ
ᠨᠡᠶᠢᠲᠡᠯᠡᠭᠰᠡᠨ ᠴᠠᠭ᠄
2019-03-25
                                    ᠰᠦᠨ ᠪᠤᠤ ᠵᠦ    ᠨᠠᠷᠡᠨ ᠤ ᠲᠤᠶᠠᠭ᠎ᠠ ᠰᠠᠷᠠᠨ ᠤ ᠭᠡᠷᠡᠯ ᠢᠶᠠᠷ ᠡᠬᠡ ᠶᠢᠨ ᠬᠠᠶᠢᠷ᠎ᠠ ᠶᠢ ᠲᠠᠭᠤᠯᠠᠭᠰᠠᠨ ᠨᠢ  ᠨᠠᠭᠠᠳᠤ ᠶᠢᠷᠳᠢᠨᠴᠦ ᠶᠢᠨ ᠭᠤᠸ᠎ᠠ ᠰᠠᠶᠢᠠᠬᠨ ᠳᠤ ᠰᠦ ᠪᠤᠯᠤᠭᠰᠠᠨ ᠰᠢᠳᠢ ᠲᠠᠢ ᠳᠤ ᠨᠢ ᠶᠤᠮ  ᠨᠠᠪᠴᠢᠨ ᠤ ᠨᠤᠭᠤᠭᠠᠨ ᠲᠠᠯᠠᠢ ᠶᠢᠨ ᠲᠠᠪᠠᠯᠭᠠᠨ ᠢᠶᠠᠷ ᠡᠬᠡ ᠶᠢᠨ ᠬᠠᠶᠢᠷ᠎ᠠ ᠶᠢ ᠰᠢᠯᠦᠭᠯᠡᠭᠰᠡᠨ ᠨᠢ  ᠨᠠᠷᠮᠠᠢ ᠬᠠᠶᠢᠷ᠎ᠠ ᠶᠢᠨ ᠭᠦᠨ ᠦᠨᠳᠦᠰᠦᠨ ᠳᠤ ᠮᠡᠯᠮᠡᠢ ᠪᠤᠯᠤᠭᠰᠠᠨ ᠭᠡᠷᠡᠯ ᠲᠠᠢ ᠳᠤ ᠨᠢ ᠶᠤᠮ    ᠠᠪᠤᠷᠭᠤ ᠠᠯᠳᠠᠢ ᠶᠢᠨ ᠵᠦᠭᠡᠯᠡᠨ ᠴᠢᠯᠠᠭᠤ ᠡᠬᠡ ᠶᠢᠨ ᠬᠠᠶᠢᠷ᠎ᠠ ᠳᠤ ᠦᠨᠳᠡᠯᠵᠡᠨ  ᠠᠯᠳᠠᠨ ᠬᠢᠩᠭᠠᠨ ᠤ ᠨᠤᠮᠢᠨ ᠱᠤᠤᠭᠢᠶ᠎ᠠ ᠡᠬᠡ ᠶᠢᠨ ᠬᠠᠶᠢᠷ᠎ᠠ ᠳᠤ ᠲᠤᠯᠭᠢᠶᠠᠯᠠᠬᠤ ᠶᠤᠮ  ᠤᠨᠠᠭᠰᠠᠨ ᠨᠤᠳᠤᠭ ᠤᠨ ᠤᠭᠤᠴᠢ ᠤᠰᠤ ᠡᠬᠡ ᠶᠢᠨ ᠰᠡᠳᠭᠢᠯ ᠢᠶᠠᠷ ᠤᠨᠳᠤᠷᠤᠨ  ᠤᠭᠢᠶᠠᠭᠰᠠᠨ ᠤᠰᠤᠨ ᠤ ᠬᠠᠯᠠᠭᠤᠨ ᠡᠭᠡᠯᠢ ᠡᠬᠡ ᠶᠢᠨ ᠠᠯᠠᠭᠠᠨ ᠳᠤ ᠭᠢᠯᠠᠯᠵᠠᠬᠤ ᠶᠤᠮ    ᠬᠠᠪᠤᠷ ᠤᠨ ᠰᠠᠯᠬᠢᠨ ᠤ ᠤᠷᠢᠬᠠᠨ ᠠᠮᠢᠰᠬᠤᠯ ᠡᠬᠡ ᠶᠢᠨ ᠵᠠᠶᠠᠭ᠎ᠠ ᠶᠢ ᠰᠠᠨᠠᠭᠤᠯᠵᠤ  ᠬᠠᠭᠳᠠ ᠡᠪᠡᠰᠦᠨ ᠤ ᠨᠠᠯᠠᠷᠬᠠᠢ ᠨᠠᠮᠠᠭ᠎ᠠ ᠰᠦᠬᠦᠷᠡᠨ ᠰᠦᠭᠦᠳᠴᠦ ᠪᠤᠰᠬᠤ ᠶᠤᠮ  ᠵᠤᠨ ᠤ ᠨᠠᠷᠠᠨ ᠤ ᠢᠯᠴᠢ ᠬᠡᠷᠡᠯ ᠡᠬᠡ ᠶᠢᠨ ᠰᠤᠷᠭᠠᠯ ᠢ ᠰᠠᠨᠠᠭᠤᠯᠵᠤ  ᠵᠢᠷᠭᠤᠭᠠᠨ ᠰᠠᠷ᠎ᠠ ᠶᠢᠨ ᠪᠤᠷᠤᠭᠠᠨ ᠨᠢ ᠴᠦ ᠵᠦᠰᠡᠷᠡᠩᠬᠡᠨ ᠪᠠᠶᠢᠵᠦ ᠡᠷᠬᠡᠯᠡᠬᠦ ᠶᠤᠮ    ᠬᠦᠬᠡᠷᠦᠬᠦᠨ ᠤᠨᠠᠭ᠎ᠠ ᠡᠬᠡ ᠶᠢᠨ ᠰᠡᠭᠦᠳᠡᠷ ᠲᠡᠭᠡᠨ ᠲᠤᠩᠭᠤᠴᠢᠨ ᠬᠤᠷᠭᠤᠳᠠᠬᠤ ᠳᠤ  ᠬᠠᠨ ᠲᠡᠯᠡᠬᠡᠢ ᠡᠩᠭᠡᠷ ᠢᠶᠠᠨ ᠢᠷᠡᠵᠦ ᠤᠶᠠᠬᠠᠨ ᠠᠯᠢᠶᠠᠷᠬᠠᠯ ᠢ ᠨᠢ ᠲᠤᠰᠬᠤ ᠶᠤᠮ  ᠬᠠᠶᠢᠷᠠᠬᠠᠨ ᠲᠡᠮᠡᠭᠡᠨ ᠤ ᠬᠠᠯᠠᠭᠤᠨ ᠰᠦᠨ ᠠᠴᠠ ᠨᠤᠭᠤᠭᠠᠨ ᠤ ᠰᠢᠮ᠎ᠡ ᠡᠷᠴᠢᠬᠦ ᠳᠤ  ᠬᠦᠬᠡ ᠲᠡᠭᠷᠢ ᠶᠢᠨ ᠠᠭᠤᠳᠠᠮ ᠰᠠᠨᠠᠭ᠎ᠠ ᠮᠡᠴᠢᠳ ᠢᠶᠠᠨ ᠲᠡᠪᠡᠷᠢᠨ ᠲᠠᠭᠠᠰᠢᠶᠠᠬᠤ ᠶᠤᠮ    ᠲᠢᠳᠠᠮ ᠰᠢᠳᠦ ᠲᠤᠰᠤᠯ ᠡᠬᠡ ᠶᠢᠨ ᠪᠦᠪᠡᠢ ᠠᠴᠠ ᠪᠤᠶᠢᠵᠢᠵᠦ  ᠲᠡᠯᠭᠡᠷ ᠬᠡᠯᠡᠨ ᠤ ᠬᠠᠶᠢᠷ᠎ᠠ ᠶᠢᠨ ᠪᠠᠭᠤᠴᠠ ᠳᠤ ᠬᠦᠯ ᠲᠤᠭᠳᠠᠨ ᠶᠠᠪᠤᠳᠠᠭ ᠶᠤᠮ  ᠡᠳᠦᠷ ᠰᠦᠨᠢ ᠦᠦᠷ ᠡᠬᠡ ᠶᠢᠨ ᠠᠯᠠᠭᠠᠨ ᠠᠴᠠ ᠳᠡᠯᠬᠡᠷᠡᠵᠦ  ᠬᠦᠮᠦᠨ ᠵᠤᠨ ᠤ ᠮᠦᠩᠬᠡ ᠶᠢᠨ ᠠᠶᠠᠨ ᠳᠤ ᠬᠠᠶᠢᠷ᠎ᠠ ᠬᠠᠨᠳᠢᠪᠯᠠᠨ ᠤᠷᠴᠢᠳᠠᠭ ᠶᠤᠮ    ᠰᠦᠨᠢ ᠶᠢᠨ ᠲᠡᠭᠷᠢ ᠤᠳᠤ ᠪᠠᠨ ᠪᠦᠬᠡᠴᠠᠶᠢᠯᠡᠨ ᠬᠠᠷᠠᠩᠭᠤᠢ ᠶᠢ ᠦᠪᠡᠷ ᠢᠶᠠᠨ ᠠᠪᠬᠤ ᠳᠤ  ᠰᠦᠨ ᠬᠦᠴᠦᠨ ᠳᠤ ᠨᠢ ᠮᠡᠴᠢᠳ ᠭᠢᠯᠠᠯᠵᠠᠵᠤ ᠡᠷᠬᠡ ᠠᠵᠠᠳᠠᠢ ᠵᠢᠷᠭᠠᠬᠤ ᠶᠤᠮ  ᠰᠦᠨᠳᠡᠷ ᠠᠭᠤᠯᠠ ᠤᠷᠭᠢᠯ ᠢᠶᠠᠨ ᠡᠷᠭᠦᠨ ᠬᠦᠵᠦᠭᠦᠦ ᠪᠦᠬᠦ᠋ᠢᠨ ᠲᠡᠳᠭᠦᠬᠦ ᠳᠤ  ᠰᠦᠵᠢᠭ ᠰᠡᠳᠭᠢᠯ ᠳᠤ ᠨᠢ ᠨᠤᠶᠠᠨ ᠤᠷᠭᠢᠯ ᠲᠡᠭᠵᠢᠷᠡᠨ ᠠᠯᠤᠰ ᠢ ᠰᠢᠷᠳᠡᠬᠦ ᠶᠤᠮ    ᠨᠤᠭᠤᠭᠠᠠ ᠳ᠋ᠠᠷ᠎ᠠ ᠶᠢᠨ ᠵᠡᠭᠦᠳᠦ ᠬᠦᠰᠡᠯ ᠳᠤ ᠨᠠᠶᠢᠷ ᠤᠨ ᠡᠭᠡᠰᠢᠭ ᠴᠤᠤᠷᠢᠶᠠᠳᠤᠨ  ᠰᠦᠨ ᠲᠠᠯᠠᠢ ᠶᠢᠨ ᠦᠷᠭᠡᠨ ᠤᠷᠤᠰᠬᠠᠯ ᠳᠤ ᠡᠬᠡ ᠶᠢᠨ ᠰᠡᠳᠭᠢᠯ ᠮᠦᠩᠬᠡᠷᠡᠬᠦ ᠶᠤᠮ  ᠡᠶ᠎ᠡ ᠡᠪ ᠤᠨ ᠲᠤᠷᠭᠠᠨ ᠠᠶᠠᠯᠭᠤ ᠡᠬᠡ ᠶᠢᠨ ᠰᠤᠷᠭᠠᠯ ᠠᠴᠠ ᠬᠦᠪᠦᠷᠡᠨ  ᠡᠷᠳᠡᠮ ᠢᠳᠡᠭᠡᠯ ᠤᠨ ᠦᠯᠡᠮᠵᠢ ᠵᠠᠶᠠᠭ᠎ᠠ ᠡᠬᠡ ᠶᠢᠨ ᠰᠡᠳᠭᠢᠯ ᠠᠴᠠ ᠠᠮᠢᠯᠠᠬᠤ ᠶᠤᠮ    ᠪᠦᠮᠪᠦᠷᠭᠡᠨ ᠶᠢᠷᠳᠢᠨᠴᠦ ᠪᠦᠪᠡᠢ ᠶᠢᠨ ᠲᠠᠭᠤᠨ ᠳᠤ ᠡᠰᠡᠨᠢᠯ ᠵᠠᠶᠠᠭ᠎ᠠ ᠳᠦᠯᠵᠢᠵᠦ  ᠪᠦᠳᠦᠨ ᠰᠠᠨᠠᠭᠠᠨ ᠤ ᠪᠠᠳᠤ ᠵᠠᠶᠠᠭᠠᠨ ᠳᠤ ᠡᠬᠡ ᠶᠢᠨ ᠤᠬᠠᠭᠠᠨ ᠤᠷᠭᠤᠨᠠᠮ  ᠪᠦᠷᠢᠨ ᠪᠢᠯᠢᠭᠳᠦ ᠠᠷᠢᠭᠤᠨ ᠨᠠᠶᠢᠷᠠᠭ ᠲᠤ ᠡᠬᠡ ᠶᠢᠨ ᠵᠡᠭᠦᠳᠦ ᠰᠠᠭᠠᠳᠠᠨ  ᠪᠦᠬᠦᠬᠦ ᠦᠭᠡᠢ ᠭᠠᠯ ᠤᠨ ᠤᠯᠭᠠᠨ ᠲᠦᠯᠦ ᠳᠤ ᠡᠬᠡ ᠶᠢᠨ ᠰᠡᠳᠭᠢᠯ ᠮᠦᠡᠭᠬᠡᠷᠡᠨᠡᠮ᠃
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号