ᠵᠡᠷᠯᠢᠭ ᠴᠠᠭᠠᠨ ᠱᠤᠩᠬᠤᠷ
ᠨᠡᠶᠢᠲᠡᠯᠡᠭᠰᠡᠨ ᠴᠠᠭ᠄
2019-03-13
                               ᠵ᠊᠂ ᠲᠡᠭᠷᠢᠭᠡᠭᠡᠷᠡᠬᠦ ᠴᠠᠩᠳᠤᠬᠰᠠᠨ ᠲᠡᠯ᠎ᠡ ᠶᠢᠨ ᠲᠤᠭᠤᠰᠤᠨ ᠳᠤ ᠰᠡᠳᠬᠢᠯ ᠢᠶᠠᠨ ᠰᠤᠯᠡ ᠤᠷᠬᠢᠵᠦ ᠴᠠᠭᠠᠨ ᠰᠦᠮᠡᠭᠡᠷ ᠲᠡᠭᠷᠢ ᠳᠤ ᠬᠠᠷᠠᠴᠡ ᠪᠠᠨ ᠰᠤᠩᠭᠠᠵᠦ ᠨᠢᠰᠲᠡᠭ ᠰᠠᠯᠬᠢ ᠦᠳᠡᠯᠡᠵᠦ ᠦᠩᠭᠡᠷᠡᠬᠦ ᠠᠯᠤᠰ ᠲᠤ ᠬᠦᠰᠡᠯ ᠢᠶᠠᠨ ᠰᠦᠢᠵᠦ ᠰᠠᠪᠠᠭ᠎ᠠ ᠦᠭᠡᠢ ᠪᠠᠷᠲᠡᠮ ᠤᠷᠴᠢᠯᠠᠩ ᠢ ᠪᠠᠰᠤᠵᠦ ᠲᠡᠭᠦᠯᠢᠲᠡᠭ ᠦᠨᠳᠦᠷ ᠪᠤᠭᠤᠷᠤᠯ ᠡᠪᠦᠭᠡᠳ ᠤᠨ ᠬᠤᠷᠮᠤᠢ ᠶᠢᠨ ᠲᠤᠭᠤᠰᠤᠨ ᠳᠤ ᠪᠠᠭᠳᠠᠵᠦ ᠦᠩᠭᠡᠨ ᠴᠤᠬᠤᠷ ᠨᠡᠪᠴᠢᠨ ᠲᠡᠭᠡᠷ᠎ᠡ ᠬᠡᠷᠡᠯᠳᠤᠭᠦ ᠲᠤᠷ᠎ᠡ ᠦᠭᠡᠢ ᠤᠳᠤ ᠪᠤᠯᠳᠠᠭ ᠪᠤᠳᠠᠩᠲᠦ ᠠᠭᠤᠯᠠᠰ ᠤᠨ ᠴᠢᠯᠠᠭᠤᠨ ᠰᠦᠭ ᠠᠴᠠ ᠠᠳᠢᠰ ᠠᠪᠴᠦ ᠪᠤᠶᠢᠳᠤᠭ ᠤᠨ ᠦᠨᠦᠷ ᠲᠠᠢ ᠭᠠᠵᠠᠷ ᠤᠨ ᠰᠢᠷᠬ᠎ᠠ ᠠᠨᠠᠭᠠᠬᠤ ᠬᠡᠵᠦ ᠰᠢᠨᠠᠯᠳᠠᠭ ᠲᠠᠩᠬᠢᠰ ᠤᠨ ᠴᠡᠩᠭᠡᠷ ᠢ ᠵᠢᠭᠡᠯᠡᠬᠦ ᠠᠴᠠ ᠪᠠᠨ ᠬᠠᠷᠢᠨ ᠢᠴᠢᠲᠡᠭ ᠲᠠᠪᠴᠠᠰᠢ ᠦᠭᠡᠢ ᠬᠦᠭᠡ ᠠᠷᠡᠨᠰᠢᠨ ᠢᠶᠠᠷ ᠢᠶᠠᠨ ᠯᠡ ᠦᠯᠡᠲᠡᠲᠡᠭ ᠦᠯᠢᠭᠡᠷ ᠤᠨ ᠰᠠᠷᠢᠳᠠᠭ ᠲᠠᠯᠠᠯᠬᠤ ᠳᠤ ᠴᠡᠭᠡᠴᠢ ᠪᠠᠨ ᠲᠠᠷᠤᠵᠦ ᠵᠤᠪᠠᠳᠠᠭ ᠦᠵᠡᠰᠭᠦᠯᠡᠩ ᠭᠤᠸ᠎ᠠ ᠶᠢᠨ ᠨᠢᠳᠤᠨ ᠳᠤ ᠨᠢᠯᠪᠦᠰᠦ ᠪᠤᠯᠵᠦ ᠪᠦᠲᠦᠷᠢᠲᠡᠭ ᠵᠦᠭᠡᠯᠡᠨ ᠪᠤᠷᠤᠭᠠᠨ ᠰᠢᠪᠡᠷᠡᠬᠦ ᠳᠤ ᠨᠤᠶᠢᠷ ᠠᠴᠠ ᠪᠠᠨ ᠰᠡᠷᠢᠵᠦ ᠭᠤᠨᠢᠬᠯᠠᠳᠠᠭ ᠵᠢᠰᠦᠯᠡᠵᠦ ᠦᠯᠦ ᠪᠤᠯᠬᠤ ᠤᠳᠤᠨ ᠤ ᠵᠤᠷᠪᠤᠰ ᠭᠡᠭᠡᠨ ᠳᠤ ᠨᠢᠭᠤᠭᠳᠠᠵᠦ ᠲᠠᠶᠢᠳᠬᠤᠷᠠᠳᠠᠭ ᠦᠭᠦᠵᠦ ᠪᠤᠢ ᠬᠦᠮᠦᠨ ᠤ ᠰᠡᠭᠦᠯᠴᠢ ᠶᠢᠨ ᠦᠭᠡ ᠶᠢ ᠡᠪᠦᠳᠦᠭ ᠰᠦᠭᠦᠷᠡᠨ ᠴᠢᠩᠨᠠᠵᠦ ᠦᠨᠡᠨ ᠪᠠᠷᠢᠬᠳᠠᠬᠤ ᠦᠭᠡᠢ ᠬᠤᠷᠸ᠎ᠠ ᠶᠢᠨ ᠦᠯᠮᠠᠢ ᠶᠢᠨ ᠰᠡᠭᠦᠳᠡᠷ ᠲᠤ ᠬᠤᠷᠭᠤᠳᠠᠵᠦ ᠤᠬᠢᠯᠠᠳᠠᠭ ᠪᠤᠴᠠᠬᠤ ᠴᠠᠭ ᠤᠨ ᠰᠢᠪᠠᠭᠤᠨ ᠤ ᠨᠢᠯᠪᠦᠰᠦ ᠠᠴᠠ ᠲᠠᠭᠤᠤ ᠪᠤᠯᠤᠨ ᠲᠠᠰᠤᠷᠠᠵᠦ ᠪᠦᠪᠡᠢ ᠡᠷᠬᠢᠬᠦ ᠤᠷᠴᠢᠯᠠᠩ ᠤᠷᠤᠭᠤ ᠡᠭᠦᠯᠡᠰ ᠵᠢᠰᠦᠵᠦ ᠬᠠᠯᠢᠬᠰᠡᠨ ᠡᠮᠨᠢᠭ ᠭᠡᠭᠡᠨ ᠰᠡᠳᠬᠢᠯ ᠲᠡᠷᠡ ᠯᠡ ᠭᠱᠠᠨ ᠳᠤ ᠠᠷᠭᠠᠮᠵᠢᠬᠳᠠᠵᠦ ᠢᠨᠢᠶᠠᠳᠤᠨ ᠳᠤ ᠴᠢᠨᠢ ᠦᠭᠡ ᠪᠠᠨ ᠲᠡᠪᠢᠰᠴᠦ ᠠᠮᠵᠢᠭ᠎ᠠ ᠦᠭᠡᠢ ᠡᠭᠡ ᠤᠷᠤᠨ ᠪᠢᠲᠡ ᠬᠤᠶᠠᠷ ᠱᠤᠬᠰᠢᠷᠠᠵᠦ ᠬᠦᠶᠦᠭᠰᠡᠭᠡᠷ ᠦᠯᠡᠲᠡᠨ᠎ᠡ᠃
 
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号