| | | ᠡᠭᠡ ᠤᠯᠤᠰ ᠤᠨ ᠤᠮᠠᠷᠠᠲᠦ ᠬᠢᠵᠠᠭᠠᠷ ᠲᠤ ᠰᠤᠳᠤ ᠪᠤᠯᠤᠨ ᠬᠢᠯᠠᠯᠵᠠᠬᠰᠡᠨ ᠠᠯᠳᠠᠷᠲᠦ ᠪᠠᠳᠤᠬᠠᠭᠠᠯᠭ᠎ᠠ | ᠰᠦᠮ᠎ᠡ ᠪᠤᠯ ᠲᠡᠯ᠎ᠡ ᠨᠤᠳᠤᠭ ᠤᠨ ᠪᠤᠯᠤᠳ ᠬᠤᠲᠡ ᠪᠤᠭᠤᠲᠦ ᠶᠢᠨ ᠪᠠᠷᠠᠭᠤᠨ ᠬᠤᠶᠢᠨ᠎ᠡ 156 ᠺᠢᠯᠤᠮᠧᠲᠷ ᠤᠨ | ᠭᠠᠵᠠᠷ ᠲᠤ ᠪᠠᠶᠢᠷᠢᠯᠠᠵᠦ ᠪᠠᠶᠢᠬᠤ ᠨᠢᠭᠡᠨ ᠡᠷᠲᠡᠨ ᠤ ᠰᠦᠮ᠎ᠡ ᠮᠦᠨ᠂ ᠡᠷᠲᠡᠨ ᠠᠴᠠ ᠪᠠᠨ ᠠᠪᠤᠭᠠᠳ ᠲᠤᠰ ᠰᠦᠮ᠎ᠡ | ᠶᠢ ᠶᠠᠷᠦ ᠨᠢ ᠬᠤᠰᠢᠭᠤᠨ ᠤ ᠪᠡᠶᠢᠯᠡ ᠵᠠᠰᠠᠭ ᠠᠴᠠ ᠡᠷᠬᠢᠯᠡᠨ ᠪᠠᠶᠢᠭᠤᠯᠵᠦ᠂ ᠡᠵᠡᠮᠰᠢᠨ ᠬᠠᠮᠢᠶᠠᠷᠲᠠᠭ ᠪᠠᠶᠢᠭᠰᠡᠨ | ᠤᠴᠢᠷ ᠮᠦᠨ ᠲᠠᠶᠠᠭᠠᠷ ᠢᠶᠠᠨ ︽ᠪᠡᠶᠢᠯᠡ ᠶᠢᠨ ᠰᠦᠮ᠎ᠡ︾ ᠭᠡᠵᠦ ᠲᠠᠭᠤᠳᠠᠵᠦ ᠵᠠᠩᠰᠢᠵᠠᠢ᠃ ᠡᠩᠭᠡ ᠠᠮᠤᠭᠤᠯᠠᠩ | ᠬᠠᠭᠠᠨ ᠠᠴᠠ ᠰᠤᠶᠤᠷᠬᠠᠭᠰᠡᠨ ᠱᠠᠰᠢᠨ ᠤ ᠨᠡᠷ᠎ᠡ ᠨᠢ ︽ᠪᠤᠶᠠᠨ ᠢ ᠪᠠᠳᠠᠷᠠᠭᠤᠯᠤᠭᠴᠢ ᠰᠦᠮ᠎ᠡ︾ ᠶᠤᠮ᠃ ᠬᠠᠭᠠᠨ ᠤ | ᠲᠠᠮᠠᠭ᠎ᠠ ᠪᠢᠴᠢᠭᠡᠰᠦ ᠲᠠᠢ ᠢᠯᠡᠷᠭᠡᠶᠢᠯᠡᠯ ᠲᠡᠭᠡᠷ᠎ᠡ ᠮᠠᠨᠵᠦ᠂ ᠮᠤᠩᠭᠤᠯ᠂ ᠲᠦᠪᠡᠳ᠂ ᠬᠢᠲᠡᠳ ᠲᠦᠷᠪᠡᠨ ᠬᠡᠯᠡ ᠪᠠᠷ | ︽ᠪᠤᠶᠠᠨ ᠢ ᠪᠠᠳᠠᠷᠠᠭᠤᠯᠤᠭᠴᠢ ᠰᠦᠮ᠎ᠡ︾ ︵︽广福寺︾︶ ᠭᠡᠵᠦ ᠪᠢᠴᠢᠵᠠᠢ᠃ | ᠲᠤᠰ ᠰᠦᠮ᠎ᠡ ᠶᠢ ᠴᠢᠩ ᠤᠯᠤᠰ ᠤᠨ ᠡᠶᠡᠪᠡᠷ ᠵᠠᠰᠠᠭᠴᠢ ᠬᠠᠭᠠᠨ ᠤ ᠵᠠᠷᠯᠢᠭ ᠢᠶᠠᠷ ᠲᠤᠭᠳᠠᠭᠠᠭᠰᠡᠨ ᠬᠠᠯᠬ᠎ᠠ | ᠪᠠᠷᠠᠭᠤᠨ ᠭᠠᠷᠤᠨ ᠠᠶᠢᠮᠠᠭ ᠤᠨ ᠠᠩᠬᠠᠳᠤᠭᠴᠢ ᠵᠠᠰᠠᠭ ᠬᠤᠱᠤᠢ ᠴᠢᠨ ᠸᠠᠩ ᠪᠤᠨᠳᠠᠷ ᠤᠨ ᠡᠪᠤᠯᠵᠢᠶᠠᠨ ᠤ ᠤᠷᠤᠨ | ᠪᠠᠶᠢᠭᠰᠡᠨ ︽ᠪᠠᠳᠤᠬᠠᠭᠠᠯᠭ᠎ᠠ︾ ᠬᠡᠮᠡᠬᠦ ᠭᠠᠵᠠᠷ ᠲᠡᠭᠦᠨ ᠤ ᠬᠦᠪᠡᠭᠦᠨ ᠨᠤᠨᠤᠢ ᠲᠠᠷᠬᠠᠨ ᠴᠢᠨ ᠸᠠᠩ ᠡᠬᠢᠯᠡᠵᠦ | ᠪᠠᠶᠢᠭᠤᠯᠵᠠᠢ᠃ ᠨᠤᠨᠤᠢ ᠴᠢᠨ ᠸᠠᠩ ᠵᠠᠰᠠᠭ ᠪᠠᠷᠢᠵᠦ ᠪᠠᠶᠢᠬᠰᠡᠨ ᠬᠤᠭᠤᠴᠠᠭᠠᠨ ᠳᠤ ᠲᠦᠷᠦ ᠲᠦᠪᠰᠢᠨ᠂ ᠨᠡᠶᠢᠭᠡᠮ | ᠠᠮᠤᠭᠤᠯᠠᠩ᠂ ᠠᠷᠡᠳ ᠢᠷᠭᠡᠳ ᠠᠮᠦᠷ ᠵᠢᠮᠤᠷ ᠠᠵᠦ ᠲᠦᠷᠦᠨ ᠠᠮᠢᠳᠤᠷᠠᠵᠦ ᠪᠠᠶᠢᠬᠰᠡᠨ ᠦᠶ᠎ᠡ ᠲᠤᠯᠡ ᠲᠡᠷᠡ | ᠪᠤᠳ᠋ᠳ᠋ᠾᠠ ᠶᠢᠨ ᠱᠠᠰᠢᠨ ᠤ ᠰᠢᠳᠤᠯᠭᠡ ᠪᠠᠨ ᠡᠷᠬᠢᠮᠯᠠᠨ᠂ ᠴᠠᠭᠠᠬᠴᠢᠨ ᠮᠤᠭᠠᠢ ᠵᠢᠯ ︵1700 ᠤᠨ︶ ᠳᠤ ᠤᠳᠠᠢ | ᠤᠷᠤᠨ ᠳᠤ ᠮᠦᠷᠭᠦᠯ ᠬᠢᠬᠦ ᠪᠠᠷ ᠤᠴᠢᠭᠠᠳ ᠠᠷᠰᠯᠠᠨ ᠬᠦᠯᠦᠭᠲᠦ ᠮᠠᠨᠽᠤᠰᠢᠷᠢ ᠪᠤᠷᠬᠠᠨ ᠢ ᠰᠢᠲᠦᠭᠡᠨ ᠪᠤᠯᠭᠠᠨ | ᠵᠠᠯᠠᠵᠦ᠂ ︽ᠸᠴᠢᠷ ᠢᠶᠠᠷ ᠤᠭᠳᠤᠯᠤᠭᠴᠢ︾ ︵ᠲᠤᠷᠵᠢᠵᠤᠳᠪᠡ︶ ᠨᠠᠷᠡᠲᠦ ᠶᠡᠭᠡ ᠬᠦᠯᠭᠡᠨ ᠰᠤᠳᠤᠷ ᠢ ᠠᠪᠴᠢᠷᠠᠬᠰᠡᠨ | ᠪᠦᠭᠡᠳ ᠰᠦᠮ᠎ᠡ ᠰᠤᠪᠤᠷᠭ᠎ᠠ ᠴᠤᠬᠴᠠᠯᠠᠬᠤ ᠪᠡᠯᠡᠳᠭᠡᠯ ᠠᠵᠢᠯ ᠢᠶᠠᠨ ᠡᠬᠢᠯᠡᠵᠡᠢ᠃ ᠲᠤᠯᠤᠨ ᠨᠠᠭᠤᠷ ᠤᠨ ᠰᠦᠮ᠎ᠡ ᠶᠢᠨ | ᠭᠠᠨᠵᠤᠤᠷ ᠬᠡᠬᠡᠨ ᠢ ᠵᠠᠯᠠᠵᠦ᠂ ᠰᠦᠮ᠎ᠡ ᠪᠠᠶᠢᠭᠤᠯᠬᠤ ᠭᠠᠵᠠᠷ ᠤᠷᠤᠨ ᠤ ᠲᠤᠬᠠᠢ ᠠᠪᠤᠷᠡᠯ ᠰᠤᠨᠳᠠᠭ ᠡᠷᠢᠵᠦ᠂ ᠰᠢᠨᠵᠢᠨ | ᠰᠤᠳᠤᠯᠤᠭᠤᠯᠤᠭᠠᠳ᠂ ᠬᠦᠬᠡᠬᠤᠲᠡ ᠶᠢᠨ ᠰᠢᠷᠡᠭᠡᠲᠦ ᠵᠤᠤ ᠶᠢᠨ ᠲᠦᠷᠪᠠᠳᠣᠭᠡᠷ ᠲᠦᠷᠢ ᠶᠢᠨ ᠬᠡᠬᠡᠨ ᠠᠬᠸᠠᠩᠷᠠᠪᠳᠠᠨ ᠢ | ᠵᠠᠯᠠᠵᠦ᠂ ᠰᠦᠮ᠎ᠡ ᠶᠢᠨ ᠶᠠᠩᠵᠦ ᠬᠡᠯᠪᠡᠷᠢ᠂ ᠬᠦᠷᠢᠶ᠎ᠡ ᠬᠡᠪᠴᠢᠶ᠎ᠡ ᠵᠡᠷᠭᠡ ᠪᠤᠳᠠᠲᠦ ᠲᠦᠯᠦᠪᠯᠡᠭᠡ ᠶᠢ ᠭᠠᠷᠭᠠᠯᠭᠠᠨ ᠬᠠᠭᠠᠨ | ᠤ ᠰᠤᠶᠤᠷᠬᠠᠯ ᠢ ᠤᠯᠤᠭᠰᠡᠨ ᠤ ᠲᠠᠷᠠᠭ᠎ᠠ᠂ 1701 ᠤᠨ ︵ᠬᠠᠷ᠎ᠡ ᠮᠤᠷᠢᠨ ᠵᠢᠯ︶ ᠠᠴᠠ ᠡᠬᠢᠯᠡᠨ ᠮᠤᠳᠤ ᠴᠢᠯᠠᠭᠤ | ᠵᠦᠭᠡᠭᠡᠪᠦᠷᠢᠯᠡᠨ᠂ ᠮᠤᠳᠤᠴᠢᠨ᠂ ᠤᠷᠠᠴᠢᠨ ᠵᠠᠯᠠᠵᠦ ᠪᠠᠷᠢᠯᠭ᠎ᠠ ᠪᠠᠨ ᠡᠬᠢᠯᠡᠪᠡ᠃ 1704 ᠤᠨ ︵ᠬᠦᠭᠡᠭᠴᠢᠨ ᠲᠠᠬᠢᠶ᠎ᠡ | ᠵᠢᠯ︶ ᠬᠦᠷᠲᠡᠯ᠎ᠡ ᠭᠤᠷᠪᠠᠨ ᠵᠢᠯ ᠤᠨ ᠭᠠᠳᠠᠨ᠎ᠡ ᠬᠤᠶᠠᠷ ᠰᠡᠷ᠎ᠡ ᠶᠢᠨ ᠬᠤᠭᠤᠴᠠᠭ᠎ᠠ ᠬᠡᠷᠡᠭᠯᠡᠭᠡᠳ ᠤᠳᠤ ᠶᠢᠨ ᠴᠤᠬᠴᠢᠨ | ᠲᠤᠭᠠᠩ ᠢᠶᠠᠨ ᠪᠠᠶᠢᠭᠤᠯᠵᠦ ᠪᠦᠲᠦᠭᠡᠭᠰᠡᠨ ᠪᠠᠶᠢᠨ᠎ᠡ᠃ ᠢᠩᠭᠢᠭᠡᠳ ᠪᠤᠶᠠᠨ ᠢ ᠪᠠᠳᠠᠷᠠᠭᠤᠯᠤᠭᠴᠢ ᠰᠦᠮ᠎ᠡ ᠶᠢ ᠬᠠᠭᠠᠨ | ᠤ ᠵᠠᠷᠯᠢᠭ ᠢᠶᠠᠷ ᠬᠤᠰᠢᠭᠤᠨ ᠤ ᠬᠡᠪᠴᠢᠶᠡᠨ ᠳᠤ ᠱᠠᠰᠢᠨ ᠤ ᠶᠡᠭᠡ ᠡᠷᠭᠡ ᠶᠢ ᠶᠠᠪᠤᠭᠤᠯᠬᠤ ᠶᠡᠭᠡ ᠰᠦᠮ᠎ᠡ ᠪᠤᠯᠭᠠᠨ | ᠳ᠋ᠠ ᠯᠠᠮᠠ ᠲᠤᠮᠢᠯᠠᠵᠦ᠂ ᠪᠦᠬᠦ ᠰᠦᠮ᠎ᠡ ᠶᠢᠨ ᠱᠠᠰᠢᠨ ᠤ ᠠᠵᠢᠯᠯᠠᠭ᠎ᠠ᠂ ᠵᠠᠰᠠᠭ ᠤᠨ ᠶᠠᠪᠤᠳᠡᠯ ᠪᠤᠯᠤᠨ ᠠᠵᠦ ᠠᠬᠤᠢ | ᠵᠡᠷᠭᠡ ᠤᠯᠠᠨ ᠵᠦᠢᠯ ᠤᠨ ᠶᠡᠭᠡ ᠡᠷᠭᠡ ᠶᠢ ᠶᠡᠷᠦᠩᠬᠡᠶᠢᠯᠡᠨ ᠬᠠᠮᠢᠶᠠᠷᠤᠭᠤᠯᠤᠭᠰᠡᠨ ᠠᠴᠠ ᠭᠠᠳᠠᠨ᠎ᠡ ᠱᠠᠰᠢᠨ ᠤ | ᠬᠡᠪᠴᠢᠶᠡᠨ ᠳᠤ ᠵᠦᠪᠰᠢᠶᠠᠷᠡᠭᠳᠡᠭᠰᠡᠨ ᠰᠢᠲᠦᠯᠭᠡ ᠬᠢᠬᠦ᠂ ᠱᠠᠪᠢ ᠡᠯᠰᠡᠬᠦ ᠵᠡᠷᠭᠡ ᠶᠠᠪᠤᠳᠡᠯ ᠢ ᠡᠷᠬᠢᠯᠡᠨ ᠶᠠᠪᠤᠭᠤᠯᠳᠠᠭ | ᠪᠠᠶᠢᠵᠠᠢ᠃ | ᠪᠤᠶᠠᠨ ᠢ ᠪᠠᠳᠠᠷᠠᠭᠤᠯᠤᠭᠴᠢ ᠰᠦᠮ᠎ᠡ ᠨᠢ ᠴᠤᠬᠴᠢᠨ᠂ ᠴᠦᠢᠷᠸᠠ᠂ ᠵᠦᠳᠪᠡ᠂ ᠮᠠᠨᠪᠡ᠂ ᠲᠦᠢᠩᠬᠤᠷ ᠬᠡᠮᠡᠬᠦ | ᠲᠠᠪᠤᠨ ᠷᠤᠸᠠᠼᠠᠩ ᠢᠶᠠᠨ ᠪᠦᠷᠢᠯᠳᠦᠵᠠᠢ᠃ ᠮᠠᠨᠵᠦ ᠶᠢᠨ ᠬᠠᠭᠠᠨ ᠤ ᠦᠷᠦᠰᠢᠶᠠᠯ ᠪᠡ ᠲᠠᠷᠬᠠᠨ ᠪᠡᠶᠢᠯᠡ ᠸᠠᠩ ᠨᠠᠷ ᠤᠨ | ᠲᠠᠮᠵᠢᠯᠭᠡ ᠪᠠᠷ᠂ ᠲᠤᠰ ᠰᠦᠮ᠎ᠡ ᠨᠢ ᠲᠠᠪᠤᠨ ᠷᠤᠸᠠᠼᠠᠩ ᠢᠶᠠᠷ ᠪᠦᠷᠢᠯᠳᠦᠭᠰᠡᠨ ᠠᠯᠲᠠᠷᠲᠦ ᠰᠦᠮ᠎ᠡ ᠪᠤᠯᠵᠦ᠂ ᠪᠦᠷᠢᠨ | ᠢᠵᠢ ︽ᠭᠠᠨᠵᠤᠤᠷ︾ ︽ᠳ᠋ᠠᠨᠵᠤᠤᠷ︾ ᠲᠠᠢ᠂ ᠬᠦᠨ ᠤᠬᠠᠭᠠᠨ᠂ ᠨᠢᠭᠤᠴᠡ ᠲᠠᠷᠨᠢ ᠶᠢᠨ ᠤᠬᠠᠭᠠᠨ᠂ ᠠᠨᠠᠭᠠᠬᠤ ᠤᠬᠠᠭᠠᠨ᠂ | ᠲᠡᠭᠷᠢ ᠶᠢᠨ ᠵᠦᠢ᠂ ᠲᠤᠭᠠᠨ ᠤ ᠤᠬᠠᠭᠠᠨ᠂ ᠵᠢᠷᠤᠬᠠᠢ ᠵᠡᠷᠭᠡ ᠶᠢ ᠰᠤᠷᠤᠯᠴᠠᠨ ᠰᠤᠳᠤᠯᠬᠤ ᠭᠤᠤᠯ ᠭᠠᠵᠠᠷ ᠤᠨ ᠨᠢᠭᠡ | ᠨᠢ ᠪᠤᠯᠤᠭᠰᠡᠨ ᠪᠠᠶᠢᠨ᠎ᠡ᠃ | ᠪᠠᠳᠤᠬᠠᠭᠠᠯᠭ᠎ᠠ ᠰᠦᠮ᠎ᠡ ᠶᠢᠨ ᠭᠤᠤᠯ ᠲᠤᠭᠠᠩ ᠪᠤᠯ ᠴᠤᠬᠴᠢᠨ ᠲᠤᠭᠠᠩ ᠪᠤᠯᠤᠨ᠎ᠡ᠂ ᠲᠡᠷᠡ ᠪᠤᠯ ᠰᠦᠮ᠎ᠡ ᠶᠢᠨ | ᠲᠦᠪ ᠲᠤᠮᠲᠡ ᠨᠢ ᠪᠠᠶᠢᠷᠢᠯᠠᠬᠰᠡᠨ ᠠᠩᠬᠠᠳᠤᠭᠴᠢ ᠪᠠᠷᠢᠯᠭ᠎ᠠ ᠮᠦᠨ ᠪᠦᠭᠡᠳ ᠡᠪᠦᠭᠡ ᠲᠡᠭᠡᠳᠦᠰ ᠤᠨ ᠭᠤᠤᠯ | ᠰᠢᠲᠦᠭᠡᠨ ᠪᠢᠯᠡ᠃ ᠭᠠᠳᠠᠨ᠎ᠡ ᠲᠤᠳᠤᠨ᠎ᠡ ᠨᠠᠶᠠᠨ ᠲᠦᠷᠪᠠᠨ ᠤᠯᠠᠭᠠᠨ ᠲᠤᠯᠭᠠᠭᠤᠷᠢ᠂ ᠵᠠᠭᠤ ᠪᠦᠭᠡᠳ ᠨᠠᠢᠮᠠᠨ ᠨᠢᠷᠤᠭᠤ | ᠪᠠᠷ ᠪᠤᠰᠬᠠᠭᠳᠠᠵᠦ᠂ ᠦᠨᠳᠦᠷ ᠨᠢ ᠨᠠᠶᠠᠨ ᠲᠤᠬᠤᠢ᠂ ᠰᠠᠭᠤᠷᠢ ᠶᠢᠨ ᠲᠠᠯᠠᠪᠠᠢ ᠨᠢ ᠨᠠᠶᠠᠨ ᠲᠡᠭᠰᠢ ᠲᠦᠷᠪᠡᠯᠵᠢᠨ ᠬᠤᠤᠰ | ᠠᠯᠲᠡ᠂ ᠤᠷᠤᠢ ᠲᠡᠭᠡᠷ᠎ᠡ ᠨᠢ ᠭᠤᠷᠪᠠᠨ ᠲᠤᠮᠤ ᠠᠰᠠᠷ ᠲᠡᠭᠲᠡᠷᠯᠡᠨ ᠨᠢᠷᠤᠭᠤᠯᠠᠵᠦ ᠠᠰᠠᠷ ᠪᠦᠷᠢ ᠶᠢᠨ ᠤᠷᠤᠢ ᠲᠡᠭᠡᠷ᠎ᠡ | ᠠᠯᠳᠠᠨ ᠭᠠᠨᠵᠢᠷ᠎ᠡ ᠲᠠᠢ ᠪᠦᠭᠡᠳ ᠦᠨᠴᠦᠭ ᠪᠦᠷᠢ ᠳᠤᠨᠢ ᠭᠠᠦᠯᠢᠨ ᠬᠤᠩᠬᠤ ᠡᠯᠭᠦᠵᠦ ᠰᠠᠯᠬᠢᠨ ᠳᠤ ᠵᠢᠩᠬᠢᠨᠠᠨ | ᠲᠤᠤᠭᠠᠷᠤᠨᠡ᠃ | ᠰᠦᠮ᠎ᠡ ᠪᠡ ᠱᠠᠰᠢᠨ ᠤ ᠬᠦᠲᠡᠯᠭᠡᠭᠡᠨ ᠤ ᠲᠠᠰᠤᠷᠠᠯᠲᠡ ᠦᠭᠡᠢ ᠦᠷᠭᠡᠳᠴᠦ ᠬᠦᠭᠵᠢᠭᠦ ᠶᠢ ᠲᠠᠭᠠᠯᠳᠤᠨ | ᠰᠦᠮ᠎ᠡ ᠶᠢᠨ ᠦᠭᠯᠢᠭᠡ ᠤᠷᠤᠯᠭ᠎ᠠ ᠶᠠᠬᠡᠪᠡᠷ ᠨᠡᠮᠡᠭᠲᠡᠵᠦ᠂ ᠲᠠᠪᠤᠨ ᠷᠤᠸᠠᠼᠠᠩ ᠨᠢ ᠵᠢᠰᠡ ᠬᠤᠪᠢᠶᠠᠨ ᠮᠠᠯ ᠤᠨᠤᠭ᠎ᠠ | ᠪᠠᠨ ᠡᠵᠡᠩᠨᠡᠬᠦ ᠪᠤᠶᠦ ᠤᠷᠤᠯᠭ᠎ᠠ ᠪᠠᠨ ᠬᠠᠮᠢᠶᠠᠷᠲᠠᠭ ᠪᠤᠯᠵᠠᠢ᠃ ᠮᠠᠯ ᠰᠦᠷᠦᠭ ᠤᠨ ᠦᠨᠢᠷ ᠦᠰᠦᠯᠲᠡ ᠶᠢ ᠲᠠᠭᠠᠨ | 30 ᠵᠢᠰᠡ ᠪᠤᠯᠤᠨ ᠨᠡᠮᠡᠭᠲᠡᠪᠡ᠃ ᠨᠢᠭᠡ ᠬᠤᠰᠢᠭᠤᠨ ᠤ ᠬᠠᠭᠠᠰ ᠠᠴᠠ ᠲᠡᠭᠡᠭᠰᠢ ᠮᠠᠯᠴᠢᠨ ᠠᠶᠢᠯ ᠨᠢ ᠴᠦᠮ ᠰᠦᠮ᠎ᠡ | ᠶᠢᠨ ᠵᠢᠰᠡ ᠶᠢᠨ ᠰᠦᠷᠦᠭ ᠬᠠᠷᠢᠭᠤᠯᠵᠦ ᠪᠠᠶᠢᠬᠰᠡᠨ ᠪᠦᠭᠡᠳ ᠲᠤᠬᠠᠢ ᠶᠢᠨ ᠦᠶ᠎ᠡ ᠳᠤ ᠰᠦᠮ᠎ᠡ ᠶᠢᠨ ᠮᠠᠯ ᠰᠦᠷᠦᠭ | ᠨᠢ ᠲᠠᠪᠤᠨ ᠲᠦᠮᠡᠨ ᠲᠤᠯᠤᠭᠠᠢ ᠶᠢ ᠲᠠᠪᠠᠭᠰᠡᠨ ᠲᠡᠦᠭᠡᠨ ᠲᠡᠮᠳᠡᠭᠯᠡᠯ ᠲᠠᠢ ᠪᠠᠶᠢᠳᠠᠭ᠃ | ᠪᠠᠳᠤᠬᠠᠭᠠᠯᠭ᠎ᠠ ᠰᠦᠮ᠎ᠡ ᠠᠬᠯᠠᠭ ᠠᠭᠤᠯᠠᠰ ᠲᠤ ᠲᠠᠪᠬᠤᠷ ᠲᠠᠪᠬᠤᠷ ᠬᠦᠷᠢᠶᠠᠯᠡᠭᠦᠯᠵᠦ᠂ ᠵᠤᠨ ᠨᠠᠮᠦᠷ ᠤᠨ | ᠪᠤᠷᠤᠭᠠᠨ ᠤ ᠤᠯᠠᠷᠢᠯ ᠳᠤ ᠡᠷᠬᠢᠨ ᠲᠤᠭᠤᠷᠢᠨ ᠤ ᠠᠭᠤᠯᠠᠨ ᠤ ᠠᠮᠠ ᠪᠤᠯᠭᠠᠨ ᠢᠶᠠᠷ ᠦᠶᠠᠷ ᠤᠨ ᠤᠰᠤ ᠦᠢᠯᠠᠨ | ᠲᠠᠪᠠᠯᠭᠠᠯᠠᠵᠦ ᠲᠤᠬᠰᠢᠨ ᠤᠷᠤᠰᠬᠠᠯ ᠨᠢ ᠯᠤᠤ ᠲᠤᠬᠯᠠᠵᠦ ᠮᠤᠭᠠᠢ ᠬᠦᠷᠪᠡᠯᠵᠡᠵᠦ ᠪᠠᠶᠢᠬᠤ ᠮᠡᠲᠦ ᠰᠦᠷᠯᠢᠭ ᠦᠵᠡᠮᠵᠢ | ᠲᠠᠢ᠃ ᠡᠶᠢᠨ ᠬᠦ ᠡᠷᠲᠡ ᠢᠵᠠᠭᠤᠷ ᠠᠴᠠ ᠠᠪᠤᠭᠠᠳ ᠲᠤᠯᠤᠭᠠᠨ ᠬᠦᠲᠦᠯ ᠶᠢᠰᠦᠨ ᠯᠤᠤ ᠠᠮᠠ ᠲᠠᠢ ᠬᠡᠲᠡᠭ | ᠭᠠᠶᠢᠬᠠᠮᠰᠢᠬᠲᠦ ᠲᠤᠮᠤᠭ ᠶᠠᠷᠢᠶ᠎ᠡ ᠲᠠᠢ ᠪᠢᠯᠡ᠃ ᠡᠶᠢᠨ ᠬᠦ ᠪᠠᠳᠤᠬᠠᠭᠠᠯᠭ᠎ᠠ ᠰᠦᠮ᠎ᠡ ᠪᠠᠶᠢᠭᠠᠯᠢ ᠶᠢᠨ ᠪᠠᠲᠦ ᠰᠠᠶᠢᠬᠠᠨ | ᠤᠷᠴᠢᠨ ᠳᠤ ᠪᠠᠶᠢᠷᠢᠯᠠᠨ᠂ ᠪᠤᠷᠬᠠᠨ ᠱᠠᠰᠢᠨ ᠤ ᠦᠢᠯᠡᠰ ᠨᠢ ᠲᠡᠯᠭᠡᠷ ᠮᠠᠨᠳᠤᠵᠦ ᠪᠠᠶᠢᠬᠰᠡᠨ 1913 ᠤᠨ ᠠᠴᠠ | 1949 ᠤᠨ ᠬᠦᠷᠲᠡᠯᠡᠬᠢ ᠲᠦᠴᠢᠭᠡᠳ ᠵᠢᠯ ᠤᠨ ᠬᠤᠭᠤᠴᠠᠭᠠᠨ ᠳᠤ᠂ ᠤᠯᠤᠰ ᠤᠨ ᠲᠤᠳᠤᠭᠠᠲᠦ ᠭᠠᠳᠠᠭᠠᠲᠦ ᠶᠢᠨ | ᠡᠯ᠎ᠡ ᠡᠲᠡᠭᠡᠳ ᠤᠨ ᠪᠤᠯᠢᠶᠠᠯᠳᠤᠭᠠᠨ ᠲᠡᠮᠡᠴᠠᠯᠳᠦᠭᠡᠨ ᠤ ᠵᠦᠷᠢᠴᠡᠯ ᠮᠦᠷᠭᠦᠯᠳᠦᠭᠡᠨ ᠤ ᠲᠤᠮᠲᠡ ᠬᠡᠲᠦ ᠤᠳᠠᠭᠠᠨ ᠤ | ᠰᠦᠨᠦᠯᠲᠡ ᠶᠢᠨ ᠴᠢᠨᠠᠷᠲᠠᠢ ᠦᠷᠡᠭᠲᠡᠯ ᠳᠤ ᠤᠴᠠᠷᠠᠭᠰᠡᠨ ᠪᠢᠯᠡ᠃ | ᠬᠤᠶᠠᠷ ᠵᠠᠭᠤ ᠭᠠᠷᠤᠢ ᠵᠢᠯ ᠤᠨ ᠲᠤᠷᠰᠢ ᠪᠠᠳᠤᠬᠠᠭᠠᠯᠭ᠎ᠠ ᠰᠦᠮ᠎ᠡ ᠶᠢᠨ ᠪᠤᠷᠬᠠᠨ ᠱᠠᠰᠢᠨ ᠤ ᠦᠢᠯᠡᠰ ᠨᠢ | ᠤᠷᠢᠲᠦ ᠭᠠᠷᠤᠭ᠎ᠠ ᠦᠭᠡᠢ ᠴᠡᠴᠡᠭᠯᠡᠨ ᠮᠠᠨᠳᠤᠬᠤ ᠶᠢᠨ ᠬᠠᠮᠲᠦ ᠠᠳᠡᠬᠢ ᠠᠷᠠᠯᠵᠢᠶ᠎ᠡ ᠬᠤᠳᠠᠯᠳᠤᠭ᠎ᠠ ᠴᠦ ᠲᠠᠭᠠᠯᠳᠤᠨ | ᠬᠦᠭᠵᠢᠭᠰᠡᠨ ᠪᠤᠵᠠᠭᠠᠶᠢᠷᠠᠭᠰᠡᠨ ᠶᠤᠮ᠃ | | | |