ᠬᠠᠨ ᠣᠯᠣᠰ ᠤᠨ ᠣᠷᠳᠦ ᠴᠠᠭᠠᠨ ᠬᠡᠷᠡᠮ ᠤᠨ ᠭᠡᠰᠡᠭ ᠪᠠᠭᠤᠷᠢ
ᠨᠡᠶᠢᠲᠡᠯᠡᠭᠰᠡᠨ ᠴᠠᠭ᠄
2019-02-12
     ᠬᠠᠨ ᠦ᠋ ᠳ᠋ᠢ ᠶᠢᠨ ᠦᠶ᠎ᠡ ᠳᠤ ᠪᠠᠶᠢᠭᠤᠯᠤᠭᠰᠡᠨ ︽ᠭᠠᠳᠠᠷ ᠬᠡᠷᠡᠮ︾ ᠭᠡᠲᠡᠭ ᠨᠢ ᠬᠠᠮᠤᠭ ᠡᠷᠲᠡ ᠳᠡᠭᠡᠨ ︽ᠰᠤᠳᠤᠷ ᠲᠡᠮᠲᠡᠭᠯᠡᠯ᠂ ᠾᠦᠩᠨᠦ ᠶᠢᠨ ᠰᠤᠯᠠ ᠱᠠᠰᠳᠢᠷ︾ ᠲᠤ ᠬᠠᠷᠠᠬᠳᠠᠭᠰᠡᠨ ᠶᠤᠮ᠂ ᠲᠠᠢ ᠴᠦ ᠶᠢᠨ ᠭᠤᠷᠪᠠᠳᠤᠭᠠᠷ ᠤᠨ ︵ᠨᠡᠶᠢᠲᠡ ᠶᠢᠨ ᠤᠨ ᠲᠤᠭᠠᠯᠠᠯ ᠠᠴᠠ ᠡᠮᠦᠨ᠎ᠡ 102 ᠤᠨ︶ ᠳᠤ ᠬᠠᠨ ᠤᠯᠤᠰ ᠭᠤᠸᠠᠩ ᠯᠦ ᠲᠦᠰᠢᠮᠡᠯ ᠰᠢᠦᠢ ᠽᠢ ᠸᠧᠢ ᠶᠢ ᠵᠠᠷᠤᠵᠦ᠂ ᠦᠶᠦᠸᠠᠨ ᠤ ᠴᠠᠶᠢᠵᠠ ︵ᠤᠳᠤ ᠶᠢᠨ ᠪᠠᠶᠠᠨᠨᠠᠭᠤᠷ ᠬᠤᠲᠡ ᠶᠢᠨ ᠦᠶᠦᠸᠠᠨ ᠰᠢᠶᠠᠨ︶  ᠪᠠᠷ ᠬᠡᠳᠤᠨ ᠵᠠᠭᠤᠨ ᠭᠠᠵᠠᠷ᠂ ᠬᠤᠯᠠ ᠳᠠᠭᠠᠨ ᠮᠢᠩᠭᠠᠨ ᠭᠠᠵᠠᠷ ᠭᠠᠷᠴᠦ᠂ ᠬᠡᠷᠡᠮ ᠬᠠᠯᠬᠠᠪᠴᠢ ᠤᠯᠠᠨ ᠲᠢᠩᠰᠨ ᠪᠠᠶᠢᠭᠤᠯᠤᠨ᠂ ᠯᠦ ᠴᠢᠦᠢ ᠶᠢᠨ ︽ᠭᠠᠳᠠᠷ ᠭᠡᠷᠡᠮ︾ ᠬᠦᠷᠦᠭᠰᠡᠨ ᠢ ᠲᠡᠦᠭᠡᠨ ᠲᠡᠭᠡᠷ᠎ᠡ ︽ᠭᠤᠸᠠᠩ ᠯᠦ ᠲᠦᠰᠢᠮᠡᠯ ᠤᠨ ᠴᠠᠶᠢᠵᠡ︾ ᠭᠡᠲᠡᠭ᠂ ᠲᠤᠬᠠᠢ ᠶᠢᠨ ᠭᠠᠵᠠᠷ ᠤᠨ ᠬᠦᠮᠦᠰ ᠪᠠᠰᠡ ︽ᠬᠢᠯᠢ ᠶᠢᠨ ᠬᠡᠷᠡᠮ︾ ᠬᠡᠵᠦ ᠨᠡᠷᠡᠯᠡᠲᠡᠭ᠃      ᠪᠣᠭᠤᠳᠦ ᠬᠤᠲᠠ ᠶᠢᠨ ᠬᠡᠪᠴᠢᠶᠡᠨ ᠳᠠᠬᠢ ᠬᠠᠨ ᠣᠯᠣᠰ ᠤᠨ ᠣᠷᠳᠦ ᠴᠠᠭᠠᠨ ᠬᠡᠷᠡᠮ ᠨᠢ ᠲᠠᠯᠠᠨ ᠬᠠᠷ᠎ᠠ ᠠᠭᠤᠯᠠ ᠠᠴᠠ ᠣᠮᠠᠷᠠᠰᠢ ᠳᠠᠷᠬᠠᠨ ᠮᠣᠣᠮᠢᠩᠭᠠᠨ ᠬᠤᠯᠪᠣᠭᠠᠳᠦ ᠬᠤᠰᠢᠭᠤᠨ ᠤ ᠪᠠᠷᠠᠭᠤᠨ ᠡᠮᠦᠨᠡᠬᠢ ᠲᠠᠯ᠎ᠠ ᠨᠣᠳᠤᠭ ᠲᠤ ᠳᠠᠷᠬᠠᠵᠦ ᠪᠠᠶᠢᠳᠠᠭ᠃ ᠡᠮᠦᠨᠡᠰᠢ ᠣᠮᠠᠷᠠᠰᠢ ᠬᠤᠶᠠᠷ ᠵᠣᠷᠪᠣᠰ ᠵᠡᠷᠭᠡᠴᠡᠨ ᠣᠷᠣᠰᠢᠵᠦ᠂ ᠵᠡᠬᠦᠨ ᠡᠮᠦᠨ᠎ᠡ ᠠᠴᠠ ᠪᠠᠷᠠᠭᠤᠨ ᠬᠤᠶᠢᠰᠢ ᠰᠣᠨᠣᠬᠰᠠᠨ ᠪᠠᠶᠢᠳᠠᠭ᠃      ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠬᠢᠵᠠᠭᠠᠷ ᠲᠤ ᠪᠠᠶᠢᠭ᠎ᠠ ᠬᠠᠨ ᠤᠯᠤᠰ ᠤᠨ ᠤᠷᠲᠦ ᠴᠠᠭᠠᠨ ᠭᠡᠷᠡᠮ ᠤᠨ ᠦᠯᠡᠲᠡᠭᠲᠡᠯ ᠤᠨ ᠡᠮᠦᠨ᠎ᠡ ᠦᠵᠦᠭᠦᠷ ᠤᠨ ᠬᠡᠷᠡᠮ ᠨᠢ ᠦᠴᠦᠸᠠᠨ ᠰᠢᠶᠠᠨ ᠤ ᠪᠠᠷᠠᠭᠤᠨ ᠡᠮᠦᠨᠡᠬᠢ ᠬᠠᠷ᠎ᠡ ᠮᠤᠲᠦ ᠰᠢᠶᠠᠩ ᠠᠴᠠ ᠪᠠᠷᠠᠭᠤᠨ ᠬᠤᠶᠢᠰᠢ ᠪᠠᠨ ᠦᠴᠦᠸᠠᠨ ᠰᠢᠶᠠᠨ ᠪᠤᠯᠤᠨ ᠬᠦᠶᠠᠩ ᠰᠢᠶᠠᠨ ᠤ ᠬᠢᠯᠢ ᠵᠠᠯᠭᠠᠵᠦ ᠪᠠᠶᠢᠭ᠎ᠠ ᠭᠠᠵᠠᠷ ᠬᠦᠷᠴᠦ᠂ ᠬᠦᠶᠠᠩ ᠰᠢᠶᠠᠨ ᠤ ᠪᠤᠷᠤᠳᠤᠬᠤᠢ ᠰᠢᠶᠠᠩ ᠤᠨ ᠪᠢᠶᠠᠨ ᠴᠢᠶᠠᠩ ᠬᠤᠤ ᠲᠤᠰᠬᠤᠨ ᠢᠶᠠᠷ ᠭᠠᠷᠴᠦ᠂ ᠲᠠᠷᠬᠠᠨ ᠮᠤᠤᠮᠢᠩᠭᠠᠨ ᠬᠤᠰᠢᠭᠤᠨ ᠤ ᠤᠯᠠᠭᠠᠨ ᠬᠤᠳᠳᠤᠭ ᠰᠢᠶᠠᠩ ᠤᠨ ᠲᠡᠷᠭᠡᠲᠦ ᠲᠤᠰᠬᠤᠨ ᠳᠤ ᠤᠷᠤᠵᠦ᠂ ᠰᠢ ᠾᠧ ᠰᠢᠶᠠᠩ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠢᠩ ᠯᠦ ᠲᠤᠰᠬᠤᠨ᠂ ᠰᠢᠨᠠᠪᠤᠯᠠᠭ ᠰᠤᠮᠤ ᠶᠢᠨ ᠪᠠᠷᠠᠭᠤᠨ ᠬᠦᠨᠲᠠᠢ᠂ ᠤᠪᠤᠭᠠᠨ ᠡᠷᠡᠦ᠂ ᠬᠦᠷᠢᠶ᠎ᠡ᠂ ᠴᠤᠯᠬᠢᠨ᠂ ᠪᠤᠩᠬᠤᠨ᠂ ᠪᠠᠶᠠᠨᠵᠢᠷᠦᠭᠡ ᠰᠤᠮᠤ  ᠶᠢᠨ ᠨᠠᠷᠡᠲᠦ᠂ ᠪᠠᠶᠢᠰᠢᠩ ᠵᠡᠷᠭᠡ ᠭᠠᠵᠠᠷ ᠢᠶᠠᠷ ᠲᠠᠮᠵᠢᠨ ᠪᠠᠶᠠᠨᠨᠠᠭᠤᠷ ᠬᠤᠲᠡ ᠶᠢᠨ ᠤᠷᠠᠳ ᠤᠨ ᠲᠤᠮᠳᠠᠲᠦ ᠬᠤᠰᠢᠭᠤᠨ  ᠤ ᠰᠢᠨ᠎ᠡ ᠬᠦᠷᠢᠶ᠎ᠡ ᠰᠤᠮᠤ ᠳᠤ ᠤᠷᠤᠳᠠᠭ᠃ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠬᠢᠵᠠᠭᠠᠷ ᠲᠤ ᠨᠡᠪᠲᠡᠷᠡᠭᠰᠡᠨ ᠶᠡᠷᠦᠩᠭᠡᠢ ᠤᠷᠲᠦ ᠶᠢᠨ ᠬᠡᠮᠵᠢᠶ᠎ᠡ ᠨᠢ 98 ᠺᠢᠯᠤᠮᠧᠲᠷ ᠪᠠᠶᠢᠵᠦ᠂ ᠲᠤᠰ ᠭᠡᠰᠡᠭ ᠳᠠᠬᠢ ᠨᠢ ᠨᠡᠯᠢᠶᠡᠳ ᠰᠠᠶᠢᠨ ᠬᠠᠳᠠᠭᠠᠯᠠᠬᠳᠠᠵᠦ ᠪᠣᠢ᠃ ᠡᠮᠦᠨᠡᠳᠦ ᠱᠣᠭᠤᠮ ᠤᠨ ᠣᠷᠳᠦ ᠴᠠᠭᠠᠨ ᠬᠡᠷᠡᠮ ᠲᠠᠭᠠᠣ ᠴᠣᠨᠵᠢ ᠪᠣᠯᠣᠨ ᠬᠠᠯᠬᠠᠪᠴᠢ ᠬᠡᠷᠡᠮ ᠢ ᠲᠣᠬᠢᠷᠠᠭᠤᠯᠵᠦ᠂ ᠶᠡᠷᠦ ᠳᠡᠭᠡᠨ ᠣᠷᠳᠦ ᠴᠠᠭᠠᠨ ᠬᠡᠷᠡᠮ ᠠᠴᠠ ᠡᠮᠦᠨᠡᠰᠢ 10 — 500 ᠮᠧᠲᠷ ᠤᠨ ᠬᠡᠪᠴᠢᠶᠡᠨ ᠲᠣᠳᠣᠷ᠎ᠠ ᠪᠠᠶᠢᠳᠠᠭ᠃ ᠴᠣᠨᠵᠢ ᠶᠢ ᠡᠯᠡᠰᠦ ᠰᠢᠷᠣᠢ ᠬᠡᠮᠬᠡᠳᠡᠭ ᠴᠢᠯᠠᠭᠤ ᠪᠠᠷ ᠨᠦᠳᠦᠵᠦ ᠪᠦᠳᠦᠭᠡᠭᠰᠡᠨ ᠪᠣᠶᠣ ᠴᠢᠯᠠᠭᠤ ᠪᠠᠷ ᠵᠡᠷᠭᠡᠯᠡᠨ ᠪᠠᠷᠢᠵᠦ ᠱᠣᠷᠣᠯᠵᠢᠨ ᠬᠡᠯᠪᠡᠷᠢᠲᠡᠢ ᠪᠦᠳᠦᠭᠡᠵᠡᠢ᠃ ᠬᠠᠯᠬᠠᠪᠴᠢ ᠬᠡᠷᠡᠮ ᠢ ᠰᠢᠷᠣᠢ ᠪᠠᠷ ᠪᠠᠷᠢᠵᠦ᠂ ᠭᠠᠳᠠᠷ ᠲᠠᠯ᠎ᠠ ᠶᠢ ᠴᠢᠯᠠᠭᠤ᠂ ᠲᠣᠳᠣᠷ ᠲᠠᠯ᠎ᠠ ᠶᠢ ᠰᠢᠷᠣᠢ ᠪᠠᠷ ᠪᠠᠷᠢᠵᠦ ᠪᠦᠳᠦᠭᠡᠭᠰᠡᠨ ᠪᠣᠶᠣ ᠬᠤᠶᠠᠷ ᠲᠠᠯ᠎ᠠ ᠶᠢᠨ ᠬᠡᠷᠡᠮ ᠤᠨ ᠴᠢᠯᠠᠭᠤᠨ ᠲᠣᠮᠳᠠ ᠰᠢᠷᠣᠢ ᠪᠣᠯᠣᠨ ᠬᠡᠮᠬᠡᠳᠡᠭ ᠴᠢᠯᠠᠭᠤ ᠬᠢᠵᠦ ᠪᠠᠷᠢᠵᠠᠢ᠃ ᠲᠠᠯ᠎ᠠ ᠶᠢᠨ ᠣᠷᠳᠦ  ᠨᠢ 20— 140 ᠮᠧᠲᠷ ᠪᠠᠶᠢᠳᠠᠭ᠃      ᠲᠡᠭᠦᠨ ᠤ ᠬᠤᠶᠢᠲᠦ ᠦᠵᠦᠭᠦᠷ ᠤᠨ ᠨᠢᠭᠡ ᠬᠡᠷᠡᠮ ᠨᠢ ᠦᠴᠤᠸᠠᠨ ᠰᠢᠶᠠᠨ ᠤ ᠬᠢᠵᠠᠭᠠᠷ ᠲᠤᠳᠤᠷ᠎ᠡ ᠠᠴᠠ ᠪᠠᠷᠠᠭᠤᠨ ᠬᠤᠶᠢᠰᠢ ᠪᠠᠨ ᠲᠠᠷᠬᠠᠨ ᠮᠤᠤᠮᠢᠩᠭᠠᠨ ᠤ ᠬᠤᠯᠪᠤᠭᠠᠲᠦ ᠬᠤᠰᠢᠭᠤᠨ ᠤ ᠬᠦᠨᠲᠡᠢ ᠲᠡᠯ᠎ᠡ ᠰᠢᠶᠠᠩ ᠤᠨ ᠲᠡᠭᠡᠷ᠎ᠡ ᠰᠡᠭᠦᠵᠢ ᠲᠤᠰᠬᠤᠨ ᠳᠤ ᠤᠷᠤᠭᠠᠳ᠂ ᠦᠭᠡᠷᠬᠤᠳᠳᠤᠭ ᠪᠠᠯᠭᠠᠰᠤᠨ ᠤ ᠳ᠋ᠦᠩ ᠾᠧ ᠵᠠᠰᠠᠭ ᠵᠠᠬᠢᠷᠭᠠᠨ ᠤ ᠲᠤᠰᠬᠤᠨ᠂ ᠬᠤᠩᠭᠤᠷ ᠲᠡᠯ᠎ᠡ ᠶᠢᠨ ᠬᠤᠴᠠᠨ ᠤ ᠲᠠᠯᠠᠪᠠᠢ᠂ ᠪᠠᠳᠤᠬᠠᠭᠠᠯᠭ᠎ᠠ ᠪᠠᠯᠭᠠᠰᠤᠨ ᠤ ᠾᠧ ᠳ᠋ᠦᠩ᠂ ᠪᠠᠶ᠋ᠬᠠᠤᠪᠤᠭ᠎ᠠ ᠰᠤᠮᠤᠨ ᠤ ᠪᠠᠶᠠᠨᠬᠤᠸᠠ ᠭᠠᠴᠠᠭ᠎ᠠ ᠪᠠᠷ ᠲᠠᠮᠵᠢᠵᠦ᠂ ᠤᠯᠠᠭᠠᠨ ᠲᠤᠭ ᠮᠠᠯᠵᠢᠯ ᠤᠨ ᠲᠠᠯᠠᠪᠠᠢ ᠶᠢᠨ ᠬᠦᠷᠢᠶ᠎ᠡ ᠰᠦᠮ᠎ᠡ  ᠠᠴᠠ ᠪᠠᠶᠠᠨᠨᠠᠭᠤᠷ ᠬᠤᠲᠡ ᠶᠢᠨ ᠤᠷᠡᠳ ᠤᠨ ᠲᠤᠮᠳᠠᠲᠦ ᠬᠤᠰᠢᠭᠤᠨ ᠤ ᠰᠠᠩ ᠤᠨ ᠲᠠᠯᠠᠢ ᠰᠤᠮᠤ ᠳᠤ ᠤᠷᠤᠨ᠎ᠡ᠃ ᠲᠤᠰ ᠬᠤᠰᠢᠭᠤ ᠶᠢ ᠲᠠᠮᠵᠢᠬᠰᠡᠨ ᠶᠡᠷᠦᠩᠬᠡᠢ ᠤᠷᠲᠦ ᠶᠢᠨ ᠬᠡᠮᠵᠢᠶ᠎ᠡ ᠨᠢ 95 ᠺᠢᠯᠤᠮᠧᠲᠷ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号