ᠨᠠᠮᠤᠷ ᠤᠨ ᠮᠤᠳᠤᠨ ᠲᠡᠭᠡᠷ᠎ᠡ ᠨᠠᠪᠴᠢ ᠵᠢᠷᠤᠨᠠᠮ
ᠨᠡᠶᠢᠲᠡᠯᠡᠭᠰᠡᠨ ᠴᠠᠭ᠄
2019-10-29
                                                ᠰ᠊᠂ ᠪᠤᠯᠤᠷ ᠨᠠᠮᠤᠷ ᠢ ᠲᠠᠨᠠᠷ ᠰᠢᠷᠭᠠᠯ ᠦᠩᠭᠡ ᠲᠠᠢ ᠯᠡ ᠬᠡᠭᠦ ᠶᠤᠮ ᠨᠠᠮᠤᠷ ᠦᠨᠡᠨ ᠳᠡᠭᠡᠨ ᠴᠡᠪ ᠴᠠᠭᠠᠨ ᠮᠦᠷᠦᠭᠡᠳᠤᠯ ᠪᠢᠯᠡ ᠨᠠᠮᠬᠠᠭ ᠬᠦᠭᠡ ᠠᠭᠤᠯᠠᠰ ᠤᠨ ᠦᠳᠭᠡᠨ ᠴᠠᠭᠠᠨ ᠮᠠᠨᠠᠨ ᠭᠡᠮᠷ᠎ᠡ ᠨᠠᠷᠢᠨ ᠰᠢᠷᠭ᠎ᠠ ᠮᠤᠷᠢᠨ ᠤ ᠲᠡᠯ ᠠᠴᠠ ᠲᠡᠰᠤᠷᠠᠭᠰᠡᠨ ᠬᠢᠯᠭᠠᠰᠦ ᠬᠡᠮᠡᠷ ᠨᠠᠰᠦ ᠨᠢ ᠦᠨᠳᠦᠷ ᠡᠮᠡᠭᠡ ᠶᠢᠨ ᠮᠢᠨᠢ ᠵᠤᠯᠠᠵᠦ ᠡᠪᠡᠷᠡᠭᠡᠭᠰᠡᠨ ᠬᠤᠷᠤᠳ ᠬᠡᠮᠡᠷ ᠨᠠᠮ᠎ᠡ ᠶᠢ ᠤᠬᠵᠢᠵᠦ ᠦᠰᠭᠡᠭᠰᠡᠨ ᠤᠭᠤᠷᠠᠭ ᠴᠠᠭᠠᠨ ᠰᠦ ᠴᠦ ᠬᠡᠮᠡᠷ ᠡᠶᠢᠮᠦ ᠯᠡ ᠴᠠᠪ ᠴᠠᠭᠠᠨ ᠮᠦᠷᠦᠭᠡᠳᠤᠯ ᠪᠤᠯᠬᠤᠷ ᠨᠠᠮᠤᠷ ᠤᠨ ᠲᠡᠭᠷᠢ ᠳᠤ ᠪᠢ ᠰᠢᠯᠦᠭ ᠤᠨ ᠰᠠᠴᠤᠯᠢ ᠪᠠᠨ ᠡᠷᠭᠦᠲᠡᠭ ᠶᠤᠮ ᠨᠠᠮᠤᠷ ᠢ ᠲᠠᠨᠠᠷ ᠭᠤᠨᠢᠭ ᠤᠶᠢᠳᠬᠠᠷ ᠤᠨ ᠤᠯᠠᠷᠢᠯ ᠭᠡᠬᠦ ᠶᠤᠮ ᠨᠠᠮᠦᠷ ᠦᠨᠡᠨ ᠳᠡᠭᠡᠨ ᠪᠠᠶᠠᠷ ᠪᠠᠭ᠋ᠠᠳᠤᠯ ᠤᠨ ᠤᠷᠬᠢᠯ ᠪᠢᠯᠡ ᠬᠤᠭᠤᠷ ᠯᠢᠩᠪᠦ ᠡᠭᠡᠰᠢᠭᠯᠡᠭᠰᠡᠨ ᠨᠠᠶᠢᠷ ᠤᠨ ᠦᠷᠯᠦᠭᠡᠨ ᠤ ᠲᠡᠯ᠎ᠡ ᠬᠡᠮᠡᠷ ᠬᠤᠷᠳᠤᠨ ᠤ ᠲᠤᠭᠤᠰᠤᠨ ᠳᠤ ᠬᠠᠭᠠᠭᠰᠡᠨ ᠡᠪᠡᠰᠦᠨ ᠤ ᠵᠦᠭᠡᠯᠡᠨ ᠨᠠᠶᠢᠭᠤᠭ᠎ᠠ ᠬᠡᠮᠡᠷ ᠬᠤᠨ ᠤ ᠨᠡᠭᠦᠲᠡᠯ ᠴᠦᠷᠭᠡᠯᠡᠭᠰᠡᠨ ᠡᠩᠭᠡᠷ ᠤᠨ ᠮᠠᠩᠬᠠᠨ ᠤ ᠲᠤᠭᠤᠷᠢᠮ ᠬᠡᠮᠡᠷ ᠬᠠᠭᠤᠴᠢ ᠶᠠᠷᠢᠶᠠᠨ ᠳᠠᠭᠠᠨ ᠬᠠᠯᠠᠮᠰᠢᠬᠰᠡᠨ ᠡᠪᠦᠭᠡᠳ ᠤᠨ ᠬᠠᠯᠠᠭᠤᠬᠠᠨ ᠢᠨᠢᠶᠠᠲᠦ ᠴᠦ ᠬᠡᠮᠡᠷ ᠡᠶᠢᠮᠦ ᠠᠴᠠ ᠪᠠᠶᠠᠷ ᠪᠠᠭ᠋ᠠᠳᠤᠯ ᠤᠨ ᠤᠷᠬᠢᠯ ᠶᠤᠮ ᠪᠤᠯᠬᠤᠷ ᠨᠠᠮᠦᠷ ᠤᠨ ᠲᠡᠯ᠎ᠡ ᠳᠤ ᠪᠢ ᠡᠭᠡᠰᠢᠭ ᠲᠠᠭᠤᠤ ᠪᠠᠨ ᠪᠠᠷᠢᠳᠠᠭ ᠶᠤᠮ ᠨᠠᠮᠤᠷ ᠢ ᠲᠠᠨᠠᠷ ᠠᠮᠢ ᠨᠠᠰᠤᠨ ᠤ ᠡᠴᠤᠰ ᠯᠡ ᠬᠡᠭᠦ ᠶᠤᠮ ᠨᠠᠮᠦᠷ ᠦᠨᠡᠨ ᠳᠡᠭᠡᠨ ᠠᠮᠢᠳᠤᠷᠡᠯ ᠦᠷᠭᠦᠯᠵᠢᠯᠠᠯ ᠤᠨ ᠡᠬᠢᠯᠡᠯ ᠶᠤᠮ ᠬᠠᠯᠵᠠᠨ ᠪᠦᠷᠭᠦᠳ ᠤᠨ ᠴᠠᠬᠴᠠᠬᠠᠢ ᠡᠭᠦᠷ ᠢᠶᠠᠨ ᠤᠷᠬᠢᠨ ᠨᠢᠰᠬᠦ ᠳᠤ ᠬᠠᠨ ᠲᠡᠭᠷᠢ ᠶᠢᠨ ᠴᠡᠭᠡᠯ ᠠᠴᠠ ᠡᠭᠦᠯᠡᠰ ᠰᠤᠴᠢᠭᠠᠳ ᠨᠡᠭᠦᠯ᠎ᠡ ᠬᠡᠮᠡᠷ ᠬᠠᠷᠠᠩᠭᠤᠢ ᠰᠦᠨᠢ ᠶᠢ ᠡᠮᠵᠢᠵᠦ ᠵᠤᠷᠪᠤᠰ ᠬᠢᠯᠪᠢᠭᠡᠨ ᠬᠢᠯᠪᠢᠬᠦ ᠳᠤ ᠬᠠᠳᠠ ᠲᠠᠢ ᠠᠰᠬ᠎ᠠ ᠶᠢᠨ ᠤᠷᠤᠢ ᠳᠤ ᠴᠠᠰᠤᠨ ᠯᠢᠩᠬᠸ᠎ᠠ ᠲᠡᠯᠭᠡᠷᠡᠯ᠎ᠡ ᠬᠡᠮᠡᠷ ᠡᠶᠢᠮᠦ ᠯᠡ ᠠᠮᠢᠳᠤᠷᠡᠯ ᠦᠷᠭᠦᠯᠵᠢᠯᠠᠯ ᠤᠨ ᠡᠬᠢᠯᠡᠯ ᠪᠤᠯᠬᠤᠷ ᠨᠠᠮᠤᠷ ᠤᠨ ᠠᠭᠤᠯᠡᠰ ᠲᠤ ᠪᠢ ᠰᠦᠰᠦᠭᠯᠡᠨ ᠰᠦᠭᠦᠲᠦᠨ ᠮᠦᠷᠭᠦᠲᠡᠭ ᠶᠤᠮ ᠨᠠᠮᠦᠷ ᠢ ᠲᠠᠨᠠᠷ ᠢᠨᠠᠭ ᠤᠨ ᠦᠯᠢᠭᠡᠷ ᠤᠨ ᠲᠡᠭᠦᠰᠭᠡᠯ ᠬᠡᠭᠦ ᠶᠤᠮ ᠨᠠᠮᠦᠷ ᠦᠨᠡᠨ ᠳᠡᠭᠡᠨ ᠢᠯᠳᠠᠮᠬᠠᠨ ᠪᠦᠰᠡᠭᠦᠢ ᠶᠢᠨ ᠲᠤᠷᠡᠯᠡᠯ ᠶᠤᠮ ᠪᠤᠷᠤᠭᠠᠨ ᠤ ᠮᠦᠩᠭᠦᠨ ᠲᠤᠰᠤᠯ ᠴᠤᠩᠬᠤ ᠪᠦᠮᠪᠦᠷᠢᠲᠡᠨ ᠲᠤᠰᠬᠤ ᠳᠤ ᠪᠤᠳᠤᠯ ᠤᠨ ᠦᠷ ᠬᠡᠶᠢᠲᠡᠯ᠎ᠡ ᠬᠠᠶᠢᠷ᠎ᠡ ᠶᠢᠨ ᠰᠢᠪᠡᠨᠡᠭᠡ ᠰᠤᠨᠤᠰᠤᠮᠠᠷ ᠪᠤᠯᠵᠤᠮᠤᠷ ᠤᠨ ᠤᠶᠠᠬᠠᠨ ᠵᠢᠷᠬᠢᠭᠡᠨ ᠬᠡᠷ ᠤᠨ ᠰᠠᠷᠡᠪᠴᠢᠨ ᠠᠴᠠ ᠰᠤᠨᠤᠰᠳᠠᠬᠤ ᠳᠤ ᠪᠤᠷᠬᠠᠨ ᠤ ᠡᠮᠦᠨ᠎ᠡ ᠨᠠᠮᠠᠨᠴᠢᠯᠡᠵᠦ ᠠᠮᠠᠷᠠᠭ ᠤᠨ ᠢᠶᠠᠨ ᠭᠠᠷ ᠢ ᠠᠳᠬᠤᠮᠠᠷ ᠡᠶᠢᠮᠦ ᠯᠡ ᠦᠨᠡᠨ ᠴᠠᠶᠢᠯᠭᠠᠨ ᠲᠤᠷᠡᠯᠠᠯ ᠪᠤᠯᠬᠤᠷ ᠨᠠᠮᠤᠷ ᠤᠨ ᠦᠷᠯᠦᠭᠡ ᠶᠢ ᠪᠢ ᠵᠠᠯᠪᠠᠷᠢᠨ ᠲᠠᠭᠠᠳᠬᠠᠨ ᠬᠦᠯᠢᠶᠠᠲᠡᠭ ᠶᠤᠮ ᠨᠠᠮᠤᠷ ᠤᠨ ᠰᠢᠪᠠᠭᠤᠳ ᠢ ᠲᠠᠨᠠᠷ ᠨᠤᠳᠤᠭ ᠪᠤᠴᠠᠴᠢᠬᠠᠯ᠎ᠡ ᠯᠡ ᠭᠡᠭᠦ ᠶᠤᠮ ᠨᠠᠮᠤᠷ ᠤᠨ ᠰᠢᠪᠠᠭᠤᠳ ᠤᠨ ᠭᠡᠷ ᠨᠢ ᠵᠠᠭᠡᠰᠦᠲᠦ ᠨᠠᠭᠤᠷ ᠤᠨ ᠬᠦᠯ ᠶᠤᠮ ᠭᠠᠩᠭᠠᠨᠠᠬᠤ ᠲᠠᠭᠤᠤ ᠶᠢ ᠨᠢ ᠴᠢᠬᠢ ᠲᠠᠯᠪᠢᠨ ᠴᠢᠩᠨᠠᠬᠤ ᠳᠤ ᠭᠠᠵᠠᠷ ᠤᠨ ᠳ᠋ᠧᠪᠠᠵᠠᠨ ᠨᠤᠳᠤᠭ ᠮᠢᠨᠢ ᠯᠡ ᠭᠡᠵᠦ ᠤᠬᠢᠯᠡᠵᠦ ᠪᠠᠶᠢᠭ᠎ᠠ ᠰᠢᠭ᠋ ᠬᠠᠭᠠᠴᠠᠯ ᠲᠠᠭᠠᠭᠤᠯᠵᠦ ᠨᠢᠭᠤᠴᠠᠬᠠᠨ ᠡᠷᠭᠡᠯᠡᠲᠡᠭ ᠬᠠᠳᠠᠭᠤ ᠡᠨᠡ ᠬᠤᠷᠸ᠎ᠠ ᠳᠤ ᠬᠠᠶᠠᠭᠰᠡᠨ ᠴᠢᠯᠠᠭᠤ ᠬᠦᠷᠲᠡᠯ᠎ᠡ ᠭᠡᠷ ᠢᠶᠠᠨ ᠰᠠᠨᠠᠨ ᠬᠦᠯᠦᠷᠡᠵᠦ ᠪᠠᠶᠢᠳᠠᠭ ᠰᠢᠭ᠋ ᠡᠶᠢᠮᠦ ᠯᠡ ᠡᠨᠡᠷᠢᠯ ᠦᠭᠡᠢ ᠤᠷᠴᠢᠯᠡᠩ ᠢ ᠵᠦᠭᠡᠯᠡᠯᠡᠶ᠎ᠡ ᠭᠡᠵᠦ ᠪᠢ ᠨᠠᠮᠤᠷ ᠤᠨ ᠰᠢᠪᠠᠭᠤᠳ ᠤᠨ ᠠᠷᠦ ᠠᠴᠠ ᠨᠢᠯᠪᠦᠰᠦ ᠪᠠᠨ ᠤᠨᠠᠭᠠᠳᠠᠭ ᠶᠤᠮ ᠨᠠᠮᠤᠷ ᠤᠨ ᠮᠤᠳᠤᠳ ᠢ ᠲᠠᠨᠠᠷ ᠨᠡᠪᠴᠢᠰ ᠢᠶᠠᠨ ᠭᠡᠭᠡᠴᠢᠭᠡᠯ᠎ᠡ ᠯᠡ ᠬᠡᠭᠦ ᠶᠤᠮ ᠨᠠᠮᠦᠷ ᠤᠨ ᠮᠤᠳᠤᠳ ᠤᠨ ᠡᠮᠭᠡᠨᠢᠯ ᠢ ᠵᠡᠭᠦᠲᠦᠨ ᠳᠡᠭᠡᠨ ᠪᠢ ᠰᠤᠨᠤᠰᠳᠠᠭ ᠶᠤᠮ ᠭᠤᠶᠤᠯᠠᠯ ᠤᠨ ᠲᠠᠰᠢᠨᠵᠡ ᠲᠠᠢ ᠦᠬᠢᠨ ᠬᠠᠶᠢᠷ᠎ᠡ ᠶᠢᠨ ᠪᠤᠯᠵᠤᠭᠠᠨ ᠳᠤ ᠬᠦᠷᠬᠦ ᠳᠤ ᠭᠤᠷᠪᠠᠯᠵᠢᠯᠠᠨ ᠡᠪᠭᠡᠭᠰᠡᠨ ᠵᠠᠬᠢᠶ᠎ᠡ ᠰᠠᠷᠭᠠᠢ ᠶᠢᠨ ᠪᠠᠭᠴᠡ ᠲᠠᠢ ᠤᠬᠳᠤᠬᠤ ᠰᠢᠭ᠋ ᠬᠤᠨᠢᠭ ᠢᠶᠠᠨ ᠲᠠᠭᠠᠭᠠᠬᠤ ᠦᠭᠡᠢ ᠨᠠᠶᠢᠷᠠᠭᠴᠢ ᠬᠡᠵᠢᠭᠡ ᠪᠠᠨ ᠢᠯᠪᠢᠭᠡᠳ ᠰᠠᠭᠤᠬᠤ ᠳᠤ ᠭᠠᠭᠴᠠᠬᠠᠨ ᠰᠢᠷᠭᠡᠭ ᠦᠰᠦ ᠮᠦᠷ ᠤᠳ ᠢ ᠨᠢ ᠲᠠᠷᠯᠠᠨ ᠤᠨᠠᠬᠤ ᠰᠢᠭ᠋ ᠡᠶᠢᠮᠦ ᠯᠡ ᠭᠤᠨᠢᠬᠳᠠᠶᠢᠬᠠᠨ ᠬᠤᠷᠤᠮ ᠢ ᠠᠷᠭᠠᠳᠠᠶ᠎ᠡ ᠭᠡᠵᠦ ᠪᠢ ᠨᠠᠮᠤᠷ ᠤᠨ ᠮᠤᠳᠤᠳ ᠲᠡᠭᠡᠷ᠎ᠡ ᠨᠠᠪᠴᠢ ᠵᠢᠷᠤᠳᠠᠭ ᠶᠤᠮ᠃
 
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号