ᠡᠯ ᠯᠢ ᠪᠠᠨ ᠲᠤᠰᠬᠤᠨ ᠤ ᠰᠡᠯᠡᠭᠦᠴᠡᠯ ᠠᠮᠢᠳᠤᠷᠡᠯ ᠤᠨ ᠰᠤᠶᠤᠯ ᠵᠢᠭᠤᠯᠴᠢᠯᠠᠯ
ᠨᠡᠶᠢᠲᠡᠯᠡᠭᠰᠡᠨ ᠴᠠᠭ᠄
2018-09-20
     ᠤᠳᠤ ᠶᠢᠨ ᠬᠦᠮᠦᠰ ᠤᠨ ᠠᠮᠢᠳᠤᠷᠡᠯ ᠤᠨ ᠠᠶᠢᠵᠠᠮ ᠲᠦᠷᠭᠡᠰᠴᠦ᠂ ᠠᠵᠢᠯ ᠤᠨ ᠲᠠᠷᠤᠭᠠᠰᠦ ᠨᠡᠮᠡᠭᠲᠡᠬᠦ ᠶᠢ ᠲᠠᠭᠠᠯᠳᠤᠨ᠂ ᠬᠦᠮᠦᠰ ᠤᠨ ᠠᠮᠠᠷᠠᠯᠲᠡ ᠶᠢᠨ ᠴᠠᠭ ᠢᠶᠠᠨ ᠠᠰᠢᠭᠯᠠᠨ ᠬᠦᠲᠡᠭᠡ ᠲᠤᠰᠬᠤᠨ ᠳᠤ ᠬᠦᠷᠴᠦ ᠰᠤᠯᠡ ᠰᠡᠯᠡᠭᠦᠦ ᠠᠮᠢᠳᠤᠷᠡᠯ ᠢ ᠡᠳ᠋ᠯᠡᠬᠦ ᠨᠢ ᠤᠯᠠᠨ ᠪᠤᠯᠤᠭᠰᠡᠨ ᠪᠠᠶᠢᠨ᠎ᠡ᠃ ᠦᠬᠡᠷᠬᠤᠳᠳᠤᠭ ᠪᠠᠯᠭᠠᠰᠤᠨ ᠤ ᠡᠯ ᠯᠢ ᠪᠠᠨ ᠲᠤᠰᠬᠤᠨ ᠨᠢ ᠭᠠᠵᠠᠷ ᠤᠷᠤᠨ ᠤ ᠲᠠᠪᠠᠭᠤᠯᠢᠭ ᠢᠶᠠᠨ ᠠᠰᠢᠭᠯᠠᠨ᠂ ᠰᠢ ᠵᠦᠴᠦᠭᠡ ᠶᠢᠨ ᠬᠦᠭᠵᠢᠯᠲᠡ ᠶᠢ ᠰᠠᠶᠢᠳᠤᠷ ᠠᠳᠬᠤᠵᠦ᠂ ᠲᠤᠮᠳᠠᠲᠦ ᠤᠯᠤᠰ ᠤᠨ ᠡᠯ ᠯᠢ ᠪᠠᠨ ᠰᠤᠯᠡ ᠰᠡᠯᠡᠭᠦᠴᠡᠯ ᠠᠮᠢᠳᠤᠷᠡᠯ ᠢ ᠡᠳ᠋ᠯᠡᠬᠦ ᠲᠤᠰᠬᠤᠨ ᠢ ᠪᠠᠶᠢᠭᠤᠯᠵᠦ᠂ ᠵᠤᠭᠠᠴᠠᠭᠰᠡᠳ ᠤᠨ ᠪᠠᠬ᠎ᠠ ᠶᠢ ᠲᠡᠳᠡᠵᠦ ᠪᠤᠢ᠃ 2018 ᠤᠨ ᠤ 3 ᠰᠡᠷ᠎ᠡ ᠳᠤ᠂ ᠰᠢᠯᠢᠲᠡᠭ ᠠᠮᠢ ᠠᠬᠤᠢ ᠶᠢᠨ ᠤᠷᠴᠢᠨ ᠲᠤᠭᠤᠷᠢᠨ᠂ ᠪᠠᠶᠢᠭᠠᠯᠢ ᠶᠢᠨ ᠦᠩᠭᠡ ᠦᠵᠡᠮᠵᠢ ᠪᠠᠷ ᠢᠶᠠᠨ ︽ᠲᠤᠮᠳᠠᠲᠦ ᠤᠯᠤᠰ ᠤᠨ ᠰᠤᠯᠡ ᠰᠡᠯᠡᠭᠦᠴᠡᠯ ᠠᠮᠢᠳᠤᠷᠡᠯ ᠢ ᠡᠳ᠋ᠯᠡᠬᠦ ᠲᠤᠰᠬᠤᠨ︾ ᠢᠶᠠᠷ ᠦᠨᠡᠯᠡᠭᠳᠡᠵᠦ᠂ ᠪᠤᠭᠤᠲᠦ ᠬᠤᠲᠡ ᠶᠢᠨ ᠴᠤᠷ ᠤᠨ ᠭᠠᠭᠴᠡ ᠤᠨᠴᠠᠭᠠᠢ ᠢᠷᠠᠭᠤ ᠠᠯᠳᠠᠷ ᠢ ᠬᠦᠷᠲᠡᠭᠰᠡᠨ ᠭᠠᠵᠠᠷ ᠤᠷᠤᠨ ᠪᠤᠯᠵᠠᠢ᠃      

      ᠡᠯ ᠯᠢ ᠪᠠᠨ ᠲᠤᠰᠬᠤᠨ ᠪᠤᠯ ᠦᠭᠡᠷᠬᠤᠳᠳᠤᠭ ᠪᠠᠯᠭᠠᠰᠤᠨ ᠤ ᠬᠠᠷᠢᠶᠠᠲᠦ ᠵᠠᠰᠠᠭ ᠵᠠᠬᠢᠷᠭᠠᠨ ᠤ ᠲᠤᠰᠬᠤᠨ

ᠪᠠᠶᠢᠵᠦ᠂ ᠪᠠᠯᠭᠠᠰᠤᠨ ᠤ ᠵᠡᠭᠦᠨ ᠡᠮᠦᠨ᠎ᠡ ᠬᠡᠰᠡᠭ ᠲᠤ ᠪᠠᠶᠢᠷᠢᠯᠠᠵᠦ᠂ ᠪᠠᠯᠭᠠᠰᠤᠨ ᠤ ᠵᠠᠰᠠᠭ ᠤᠨ ᠤᠷᠳᠤᠨ ᠠᠴᠠ 8

ᠺᠢᠯᠤᠮᠧᠲᠷ ᠵᠠᠶᠢᠲᠠᠢ᠂ ᠲᠠᠷᠢᠶᠠᠯᠠᠩ ᠮᠠᠯ ᠠᠵᠤ ᠠᠬᠤᠢ ᠶᠢᠨ ᠰᠤᠯᠪᠢᠴᠡᠯ ᠭᠠᠵᠠᠷ ᠪᠠᠶᠢᠷᠢᠰᠢᠵᠦ᠂ ᠭᠠᠵᠠᠷ ᠤᠷᠤᠨ ᠤ

ᠲᠠᠯᠠᠪᠠᠢ ᠨᠢ 59.02 ᠲᠡᠭᠰᠢ ᠲᠦᠷᠪᠡᠯᠵᠢᠨ ᠺᠢᠯᠤᠮᠧᠲᠷ ᠪᠠᠶᠢᠵᠦ᠂ 38767 ᠮᠦ ᠬᠠᠭᠠᠯᠪᠤᠷᠢᠯᠠᠭᠰᠡᠨ ᠲᠠᠷᠢᠶ᠎ᠡ

ᠪᠠᠶᠢᠲᠠᠭ᠃ ᠡᠯ ᠯᠢ ᠪᠠᠨ ᠲᠤᠰᠬᠤᠨ ᠨᠢ ᠤᠳᠤ ᠪᠤᠯᠳᠠᠯ᠎ᠡ 200 ᠵᠢᠯ ᠤᠨ ᠲᠡᠦᠭᠡ ᠲᠠᠢ ᠪᠠᠶᠢᠵᠦ᠂ ᠡᠷᠲᠡᠨ ᠤ ᠲᠡᠮᠡᠭᠡᠨ

ᠵᠢᠩ ᠤᠨ ᠦᠷᠲᠡᠭᠡ ᠭᠠᠵᠠᠷ᠂ ᠰᠠᠨ ᠰᠢ ᠠᠴᠠ ᠢᠷᠡᠬᠦ ᠬᠦᠮᠦᠨ ᠠᠷᠡᠳ ᠤᠨ ᠴᠢᠬᠤᠯᠡ ᠦᠩᠭᠡᠷᠡᠬᠦ ᠵᠠᠮ ᠪᠠᠶᠢᠵᠦ᠂

ᠲᠡᠯ᠎ᠡ ᠨᠤᠳᠤᠭ ᠲᠤ ᠬᠦᠷᠬᠦ ᠴᠢᠬᠤᠯᠡ ᠵᠠᠮ ᠱᠤᠭᠤᠮ ᠪᠤᠯᠤᠨ᠎ᠡ᠃

     ᠤᠶᠢᠷ᠎ᠡ ᠶᠢᠨ ᠵᠢᠯ ᠳᠤ᠂ ᠦᠬᠡᠷᠬᠤᠳᠳᠤᠭ ᠪᠠᠯᠭᠠᠰᠤ ᠨᠢ ᠬᠤᠰᠢᠭᠤ ᠨᠠᠮ ᠤᠨ ᠬᠤᠷᠢᠶ᠎ᠡ᠂ ᠵᠠᠰᠠᠭ ᠤᠨ ᠤᠷᠳᠤᠨ

 ᠤ ᠲᠡᠮᠵᠢᠯᠭᠡ ᠲᠤᠤᠷ᠎ᠡ᠂ ᠶᠡᠭᠡ ᠪᠡᠯᠡ ᠮᠦᠩᠭᠦ ᠵᠠᠷᠤᠴᠠᠭᠤᠯᠵᠦ᠂ ᠲᠦᠮᠦᠰᠦ ᠲᠠᠷᠢᠬᠤ ᠰᠠᠭᠤᠷᠢᠨ ᠭᠠᠵᠠᠷ ᠪᠠᠶᠢᠭᠤᠯᠵᠦ᠂

12000 ᠮᠦ ᠭᠠᠵᠠᠷ ᠢ ᠲᠠᠷᠢᠶᠠᠯᠠᠬᠤ ᠪᠠᠨ ᠵᠤᠭᠰᠤᠭᠠᠨ ᠤᠢ ᠮᠤᠲᠦ ᠲᠠᠷᠢᠵᠦ᠂ ᠤᠳᠤᠬᠠᠨ ᠳᠤ ᠬᠤᠲᠡ ᠶᠢᠨ ᠲᠡᠰ

 ᠤᠨ᠂ ᠤᠷᠤᠨ ᠤ ᠲᠡᠰ ᠤᠨ᠂ ᠤᠯᠤᠰ ᠤᠨ ᠲᠡᠰ ᠤᠨ ᠠᠮᠢ ᠠᠬᠤᠢ ᠶᠢᠨ ᠲᠤᠰᠬᠤᠨ ᠢᠶᠠᠷ ᠮᠡᠲᠡᠭᠦᠯᠪᠡ᠃ ᠤᠳᠤ ᠪᠠᠰᠡ

ᠭᠤᠷᠪᠠᠨ ᠵᠢᠯ ᠤᠨ ᠴᠠᠭ ᠢ ᠠᠰᠢᠭᠯᠠᠨ ᠰᠤᠶᠤᠯ ᠲᠡᠦᠭᠡ ᠬᠤᠷᠠᠮᠳᠤᠭᠤᠯᠤᠭᠰᠡᠨ ᠰᠡᠯᠡᠭᠦᠴᠡᠯ ᠵᠤᠭᠠᠴᠡᠯ ᠬᠠᠮᠳᠤᠷᠠᠭᠰᠡᠨ

ᠦᠵᠡᠰᠭᠦᠯᠡᠩᠲᠦ ᠲᠤᠰᠬᠤᠨ ᠢ ᠡᠭᠦᠳᠬᠦ ᠪᠠᠷ ᠪᠤᠢ᠃

     ᠬᠠᠮᠢᠶ᠎ᠡ ᠪᠦᠬᠦᠢ ᠲᠦᠷᠦᠯ ᠵᠦᠢᠯ ᠨᠢ ᠤᠳᠤᠬᠠᠨ ᠳᠤ ᠯᠠᠪᠳᠠᠭᠤᠨ ᠪᠠᠲᠤᠲᠠᠢ ᠶᠠᠪᠤᠭᠳᠠᠵᠦ᠂ ᠲᠦᠷᠦᠯ ᠵᠦᠢᠯ

 ᠤᠨ ᠬᠡᠷᠡᠭᠵᠢᠭᠦᠯᠦᠯᠲᠡ ᠨᠢ ᠪᠦᠬᠦ ᠪᠠᠯᠭᠠᠰᠤᠨ ᠤ ᠬᠦᠲᠡᠭᠡ ᠲᠤᠰᠬᠤᠨ ᠤ ᠵᠢᠭᠤᠯᠴᠢᠯᠠᠯ ᠤᠨ ᠬᠦᠭᠵᠢᠯᠲᠡ ᠶᠢ

ᠲᠠᠶᠢᠴᠢᠯᠠᠨ᠂ ᠨᠡᠩ ᠤᠯᠠᠨ ᠲᠠᠷᠢᠶᠠᠴᠢᠳ ᠢ ᠪᠠᠶᠠᠵᠢᠯ ᠤᠨ ᠵᠠᠮ ᠢᠶᠠᠷ ᠵᠠᠮᠨᠠᠭᠤᠯᠵᠦ ᠪᠤᠢ᠃

 
ᠢᠷᠡᠯᠲᠡ᠄ ︽ᠭᠤᠪᠢ ᠶᠢᠨ ᠡᠮᠦᠨᠡᠲᠦ ᠶᠢᠨ ᠰᠤᠳᠤᠨ ᠰᠤᠷᠠᠭ︾ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号