ᠪᠠᠳᠤᠬᠠᠭᠠᠯᠭ᠎ᠠ ᠶᠢᠨ ᠶᠢᠰᠦᠨ ᠯᠤᠤ ᠶᠢᠨ ᠠᠮᠠ
ᠨᠡᠶᠢᠲᠡᠯᠡᠭᠰᠡᠨ ᠴᠠᠭ᠄
2018-09-12
     ᠤᠳᠤ ᠶᠢᠨ ᠪᠠᠳᠤᠬᠠᠭᠠᠯᠭ᠎ᠠ ᠨᠢ ᠤᠷᠢᠳᠦ ᠳᠠᠭᠠᠨ ᠵᠠᠰᠠᠭ ᠬᠤᠱᠣᠢ ᠲᠠᠷᠬᠠᠨ ᠴᠢᠨ ᠸᠠᠩ ᠪᠤᠨᠳᠠᠷ ᠤᠨ ᠡᠪᠤᠯᠵᠢᠶ᠎ᠡ ᠪᠠᠶᠢᠵᠦ᠂ ᠠᠶᠢᠪᠠᠭ᠎ᠠ ᠭᠤᠤᠯ᠂ ᠲᠠᠷᠭᠤᠨ ᠭᠤᠤᠯ ᠤᠨ ᠠᠭᠤᠯᠵᠠᠭᠤᠷ ᠤᠨ ᠬᠤᠶᠢᠲᠦ ᠲᠠᠨᠵᠢᠨ ᠲᠡᠭᠡᠷ᠎ᠡ ᠪᠠᠶᠢᠷᠢᠯᠠᠵᠦ᠂ ᠦᠯᠵᠡᠶᠢᠳᠤᠬᠤᠢ ᠭᠡᠲᠡᠭ ᠨᠡᠷ᠎ᠡ ᠲᠠᠢ ᠪᠠᠶᠢᠪᠡ᠃      ᠪᠠᠳᠤᠬᠠᠭᠠᠯᠭ᠎ᠠ ᠨᠢ ᠠᠭᠤᠯᠡ ᠪᠠᠷ ᠬᠦᠷᠢᠶᠡᠯᠡᠭᠲᠡᠨ ᠤᠰᠤ ᠪᠠᠷ ᠪᠦᠰᠡᠯᠡᠭᠲᠡᠵᠦ ᠲᠤᠭᠤᠷᠢᠭᠠᠳ ᠶᠢᠰᠦᠨ ᠠᠮᠡ ᠪᠠᠶᠢᠳᠠᠭ ᠠᠴᠠ ᠶᠢᠰᠦᠨ ᠯᠤᠤ ᠶᠢᠨ ᠠᠮᠡ ᠭᠡᠲᠡᠭ᠃      ᠵᠡᠭᠦᠨ ᠡᠮᠦᠨ᠎ᠡ ᠪᠠᠶᠢᠭ᠎ᠠ ᠪᠠᠶᠠᠨᠵᠢᠷᠦᠭᠡ ᠠᠭᠤᠯᠡ ᠶᠢᠨ ᠡᠮᠦᠨ᠎ᠡ ᠵᠤ ᠪᠠᠷ ᠲᠠᠷᠬᠠᠨ ᠴᠢᠨ ᠸᠠᠩ ᠤᠨ ᠦᠭᠡᠷ ᠤᠨ ᠰᠦᠷᠦᠭ ᠦᠷᠯᠦᠭᠡ ᠪᠡᠯᠴᠢᠭᠡᠷᠯᠡᠨ ᠭᠠᠷᠴᠦ ᠦᠳᠡᠰᠢ ᠴᠤᠪᠤᠨ ᠢᠷᠡᠲᠡᠭ ᠠᠴᠠ ᠡᠨᠡᠬᠦ ᠠᠮᠠ ᠶᠢ ᠦᠭᠡᠷ ᠤᠨ ᠠᠮᠡ ᠭᠡᠲᠡᠭ᠃      ᠴᠠᠭᠠᠨ ᠬᠤᠰᠢᠭᠤ ︵ᠬᠡᠦᠭᠡᠨ ᠠᠭᠤᠯᠡ︶ ᠶᠢᠨ ᠵᠡᠭᠦᠨᠲᠡᠭᠦᠷ ᠨᠠᠯᠦᠶᠢᠭᠰᠡᠨ ᠶᠡᠭᠡ ᠲᠡᠷᠡᠰᠤᠲᠦ ᠬᠤᠭᠤᠯᠠᠢ ᠦᠵᠡᠭᠲᠡᠲᠡᠭ ᠪᠠᠶᠢᠭᠰᠡᠨ ᠠᠴᠠ ᠲᠠᠷᠠᠰᠤᠨ ᠤ ᠠᠮᠡ ᠭᠡᠵᠦ ᠨᠡᠷᠡᠯᠡᠵᠠᠢ᠃      ᠪᠠᠷᠠᠭᠤᠨ ᠡᠮᠦᠨᠡᠬᠢ ᠨᠠᠷᠢᠨ ᠵᠢᠯᠠᠭ᠎ᠠ ᠪᠠᠷ ᠶᠠᠪᠤᠪᠡᠯ ᠲᠠᠷᠬᠠᠨ ᠴᠢᠨ ᠸᠠᠩ ᠤᠨ ᠲᠤᠤᠷᠡᠬᠢ ᠵᠠᠶᠢᠰᠠᠩ ᠨᠤᠶᠠᠨ ᠤ ᠡᠪᠤᠯᠵᠢᠶ᠎ᠡ ᠳᠤ ᠬᠦᠷᠲᠡᠭ ᠠᠴᠠ ᠵᠠᠶᠢᠰᠠᠩ ᠤᠨ ᠠᠮᠡ ᠭᠡᠵᠦ ᠨᠡᠷᠡᠯᠡᠵᠠᠢ᠃      ᠪᠠᠷᠠᠭᠤᠨ ᠲᠡᠯ᠎ᠡ ᠳᠤᠨᠢ ᠠᠶᠢᠪᠠᠭ᠎ᠠ ᠭᠤᠤᠯ ᠤᠷᠤᠰᠴᠦ ᠢᠷᠡᠭᠰᠡᠨ ᠬᠦᠨ ᠬᠠᠪᠴᠢᠯ ᠤᠨ ᠡᠮᠦᠨ᠎ᠡ ᠠᠭᠤᠯᠡ ᠶᠢ  ᠨᠢ ᠪᠤᠬᠠᠨ ᠬᠠᠷ᠎ᠡ ᠭᠡᠵᠦ᠂ ᠬᠤᠶᠢᠲᠦ ᠠᠭᠤᠯᠠᠨ ᠳᠤ ᠨᠢ ᠨᠢᠭᠡ ᠰᠡᠨᠵᠢ ᠲᠠᠢ ᠬᠠᠲᠡ ᠪᠠᠶᠢᠲᠠᠭ ᠠᠴᠠ ᠰᠡᠨᠵᠢᠲᠦ ᠬᠠᠲᠡ ᠭᠡᠵᠦ ᠨᠠᠷᠡᠯᠡᠵᠦ᠂ ᠡᠨᠡᠬᠦ ᠬᠦᠨ ᠬᠠᠪᠴᠢᠯ ᠢ ᠰᠠᠨᠵᠢᠲᠦ ᠬᠠᠷ᠎ᠡ ᠶᠢᠨ ᠠᠮᠡ ᠭᠡᠵᠦ ᠨᠠᠷᠠᠯᠠᠵᠠᠢ᠃      ᠪᠠᠷᠠᠭᠤᠨ ᠬᠤᠶᠢᠨ᠎ᠡ ᠠᠴᠠ ᠤᠷᠤᠵᠦ ᠢᠷᠡᠭᠰᠡᠨ ᠨᠢᠭᠡ ᠵᠢᠯᠠᠭ᠎ᠠ ᠪᠠᠶᠢᠳᠠᠭ᠃ ᠡᠨᠡ ᠵᠢᠯᠠᠭ᠎ᠠ ᠶᠢᠨ ᠵᠡᠭᠦᠨ ᠠᠭᠤᠯᠠᠨ ᠤ ᠡᠩᠭᠡᠷ ᠲᠤ ᠬᠡᠮᠫᠢ ᠶᠢᠨ ᠰᠦᠮ᠎ᠡ ᠭᠡᠲᠡᠭ ᠪᠢᠴᠢᠬᠠᠨ ᠰᠦᠮ᠎ᠡ ᠶᠢ ᠭᠤᠷᠪᠡ ᠤᠳᠠᠭ᠎ᠠ ᠪᠠᠷᠢᠭᠠᠳ ᠪᠦᠲᠦᠭᠡᠭᠰᠡᠨ ᠦᠭᠡᠢ᠃ ᠠᠩᠬ᠎ᠠ ᠤᠳᠠᠭ᠎ᠠ ᠪᠠᠷᠢᠭᠠᠳ ᠪᠠᠶᠢᠳᠠᠯ᠎ᠡ ᠬᠡᠷᠡᠮ ᠨᠢ ᠨᠤᠷᠠᠴᠢᠬᠠᠪᠡ᠃ ᠬᠤᠶᠠᠳᠡᠬᠢ ᠤᠳᠠᠭ᠎ᠠ ᠪᠠᠷᠢᠭᠠᠳ ᠪᠠᠷᠠᠲᠡᠯ᠎ᠡ ᠠᠳᠠᠷ ᠲᠡᠭᠡᠪᠤᠷ ᠨᠢ ᠴᠤᠭᠴᠢᠨ ᠲᠤᠭᠠᠩ ᠪᠠᠷᠢᠭᠰᠡᠨ ᠭᠠᠵᠠᠷ ᠰᠢᠯᠵᠢᠵᠦ ᠢᠷᠡᠭᠰᠡᠨ ᠠᠴᠠ ᠮᠦᠨ ᠤᠷᠤᠨ ᠲᠡᠭᠡᠷ᠎ᠡ ᠨᠢ ᠰᠦᠮ᠎ᠡ ᠪᠠᠷᠢᠵᠠᠢ᠃ ᠲᠡᠭᠡᠭᠡᠳ ᠡᠨᠡᠬᠦ ᠵᠢᠯᠠᠭ᠎ᠠ ᠶᠢ ᠬᠡᠮᠫᠢ ᠶᠢᠨ ᠠᠮᠡ ᠬᠡᠵᠦ ᠨᠠᠷᠠᠯᠡᠵᠡᠢ᠃      ᠬᠤᠶᠢᠨ᠎ᠡ ᠠᠴᠠ ᠤᠷᠤᠵᠦ ᠢᠷᠡᠭᠰᠡᠨ ᠶᠡᠭᠡ ᠬᠦᠨᠲᠠᠢ ᠪᠠᠷ ᠬᠠᠷᠠᠪᠠᠯ ᠮᠠᠯᠠᠭᠠᠢ ᠰᠢᠭ᠋ ᠱᠣᠪᠣᠭᠤᠷ ᠤᠷᠤᠢ ᠲᠠᠢ ᠦᠷᠭᠡᠨ ᠲᠤᠪᠤ ᠬᠠᠷᠠᠭᠳᠠᠳᠠᠭ ᠠᠴᠠ ᠮᠠᠯᠠᠭᠠᠢ ᠶᠢᠨ ᠬᠦᠲᠦᠯ ᠤᠨ ᠠᠮᠡ ᠭᠡᠵᠦ ᠨᠠᠷᠡᠯᠡᠵᠠᠢ᠃      ᠵᠠᠭᠦᠨ ᠬᠤᠶᠢᠳᠤᠬᠢ ᠪᠠᠷᠳᠠᠭ᠎ᠠ ᠶᠡᠭᠡᠲᠠᠢ ᠠᠭᠤᠯᠡ ᠶᠢᠨ ᠬᠠᠪᠴᠢᠯ ᠢᠶᠠᠷ ᠮᠠᠯ ᠰᠦᠷᠦᠭ ᠪᠡᠯᠴᠢᠬᠦ ᠳᠤ ᠢᠮᠠᠭᠠᠳ  ᠨᠢ ᠲᠠᠩᠲᠡ ᠬᠠᠰᠢᠭᠲᠡᠨ ᠲᠠᠰᠤᠷᠠᠵᠦ ᠬᠤᠴᠤᠷᠲᠠᠭ ᠠᠴᠠ ᠢᠮᠠᠭ᠎ᠠ ᠬᠠᠪᠴᠢᠲᠠᠭ ᠠᠮᠠ ᠭᠡᠵᠦ ᠨᠠᠷᠠᠯᠠᠵᠠᠢ᠃      ᠵᠡᠭᠦᠨ ᠬᠤᠶᠢᠲᠦ ᠲᠡᠯ᠎ᠡ ᠪᠠᠷ ᠢᠶᠠᠨ ᠡᠯᠡᠰᠦ ᠰᠢᠷᠤᠢ ᠵᠤᠵᠠᠭᠠᠨ ᠬᠦᠮᠦᠨ ᠠᠮᠢᠲᠡᠨ ᠶᠠᠪᠤᠬᠤ ᠳᠤ ᠬᠦᠴᠢᠷᠲᠠᠢ ᠪᠠᠶᠢᠳᠠᠭ ᠠᠴᠠ ᠡᠯᠡᠰᠦᠨ ᠠᠮᠡ ᠭᠡᠵᠦ ᠨᠠᠷᠠᠯᠠᠵᠠᠢ᠃      ᠪᠠᠳᠤᠬᠠᠭᠠᠯᠭ᠎ᠠ ᠶᠢᠨ ᠵᠡᠭᠦᠨ ᠲᠡᠯ᠎ᠡ ᠳᠤ ᠠᠶᠢᠪᠠᠭ᠎ᠠ ᠭᠤᠤᠯ ᠤᠨ ᠵᠡᠭᠦᠨ ᠬᠦᠪᠡᠭᠡᠨ ᠲᠡᠭᠡᠷ᠎ᠡ ᠮᠠᠶᠢᠮᠠᠶᠢᠴᠢᠨ ᠬᠢᠲᠡᠳ ᠰᠠᠭᠤᠳᠠᠭ ᠠᠴᠠ ᠭᠤᠷᠪᠠᠨ ᠮᠠᠶᠢᠮᠠᠢ ᠭᠡᠵᠦ ᠨᠠᠷᠠᠯᠡᠨ ᠵᠡᠭᠦᠨ ᠲᠡᠯ᠎ᠡ ᠠᠴᠠ ᠤᠷᠤᠵᠦ ᠢᠷᠡᠭᠰᠡᠨ ᠨᠢᠭᠡ ᠠᠮᠡ ᠪᠠᠶᠢᠳᠠᠭ ᠢ ᠨᠢ ᠮᠦᠩᠭᠦᠨ ᠠᠮᠡ ᠭᠡᠵᠦ ᠨᠠᠷᠠᠯᠠᠵᠠᠢ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号