ᠬᠦᠲᠡᠭᠡ ᠶᠢᠨ ᠬᠦᠬᠡ ᠰᠠᠯᠬᠢ
ᠨᠡᠶᠢᠲᠡᠯᠡᠭᠰᠡᠨ ᠴᠠᠭ᠄
2018-05-28
ᠬᠦᠲᠡᠭᠡ ᠶᠢᠨ ᠬᠦᠬᠡ ᠰᠠᠯᠬᠢ                                      ᠲᠡᠮᠦᠷᠪᠠᠭᠠᠨ᠎ᠠᠬᠦᠲᠡᠭᠡ ᠶᠢᠨ ᠬᠦᠬᠡ ᠰᠠᠯᠬᠢᠬᠤᠰᠤᠨ ᠤᠷᠭ᠎ᠠ ᠶᠢᠨ ᠬᠦᠯᠢᠶᠡᠷᠢ ᠲᠠᠲᠠᠭᠠᠷᠢ ᠶᠢ ᠴᠢᠩᠭᠠᠯᠠᠵᠦ ᠪᠠᠶᠢᠨᠠᠮᠬᠤᠯᠤᠰᠤᠨ ᠰᠢᠷᠭ᠎ᠠ ᠶᠢᠨ ᠬᠦᠯᠦᠰᠦᠲᠡᠭᠰᠡᠨ ᠤᠯᠤᠩ ᠢ ᠰᠡᠪᠬᠢᠭᠡᠵᠦ ᠪᠠᠶᠢᠨᠠᠮ︕ᠮᠤᠲᠤᠨ ᠲᠡᠷᠭᠡ ᠶᠢᠨ ᠪᠤᠭᠤᠯᠠᠭ᠎ᠠ ᠪᠤᠭᠤᠷᠭᠢᠯᠵᠢ ᠲᠠᠢ ᠠᠮᠠᠷᠠᠵᠦ ᠪᠠᠶᠢᠨᠠᠮᠮᠤᠩᠭᠤᠯ ᠭᠡᠷ ᠤᠨ ᠪᠤᠰᠤᠭ᠎ᠠ ᠬᠠᠨ᠎ᠠ ᠳᠤ ᠰᠠᠭᠠᠲᠠᠵᠦ ᠪᠠᠶᠢᠨᠠᠮ ᠡ︕ᠬᠦᠲᠡᠭᠡ ᠶᠢᠨ ᠬᠦᠬᠡ ᠰᠠᠯᠬᠢᠬᠠᠨᠠᠭᠠᠷ ᠲᠠᠯ᠎ᠠ ᠳᠤ ᠪᠠᠨ ᠬᠤᠷᠯᠠᠭᠰᠠᠨ ᠰᠤᠮᠤᠨ ᠬᠤᠷᠲᠦ         ᠬᠠᠯᠵᠠᠨ ᠵᠡᠭᠡᠷᠲᠡ ᠮᠤᠷᠢᠨ ᠤ ᠬᠦᠬᠦᠯ ᠲᠠᠯ ᠳᠤ ᠪᠠᠶᠢᠨᠠᠮ         ᠬᠠᠨᠭ᠍ᠭᠠᠢ ᠶᠢᠨ ᠬᠢᠶᠠᠭ ᠲᠤ ᠲᠤᠰᠤᠨ ᠲᠠᠷᠭᠤ ᠰᠠᠭᠤᠭᠰᠠᠨ         ᠬᠠᠯᠢᠭᠤᠨ ᠭᠤᠨ᠎ᠠ ᠶᠢᠨ ᠤᠷᠠᠨ ᠬᠡᠯᠡᠨ ᠤ ᠤᠷᠢᠶᠠᠯᠲᠠ ᠳᠤ ᠪᠠᠶᠢᠨᠠᠮ         ︿︿ᠰᠦᠬᠦ﹀﹀ ᠲᠠᠭᠤ ᠪᠠᠷ ᠰᠦᠭᠦᠳᠲᠡᠭ ᠬᠦᠷᠡᠩ ᠲᠡᠮᠡᠭᠡᠨ ᠤ         ᠰᠦᠷᠯᠢᠭ ᠪᠠᠷ᠎ᠠ ᠲᠠᠢ ᠦᠨᠲᠦᠷ ᠬᠤᠶᠠᠷ ᠪᠦᠬᠦᠨ ᠳᠤ ᠪᠠᠶᠢᠨᠠᠮ         ︿︿ᠲᠤᠶᠢᠭ﹀﹀ ᠤᠨ ᠲᠠᠭᠤᠤ ᠪᠠᠷ ᠬᠤᠷᠠᠭ᠎ᠠ ᠪᠠᠨ ᠦᠬᠦᠭᠡᠷᠲᠡᠲᠡᠭ         ᠲᠦᠯ ᠰᠠᠶᠢᠲᠠᠢ ᠬᠤᠨᠢᠨ ᠤ ᠬᠠᠯᠠᠭᠤᠨ ᠬᠤᠰᠢᠭᠤᠨ ᠳᠤ ᠪᠠᠶᠢᠨᠠᠮ         ᠲᠡᠨᠲᠡᠭᠨᠡᠵᠦ ᠠᠯᠢᠶᠠᠷᠬᠠᠭᠠᠳ ᠰᠠᠬᠠᠯ ᠰᠠᠩᠬᠠᠯᠵᠠᠭᠤᠯᠬᠤ         ᠲᠡᠭᠷᠢ ᠶᠢᠨ ᠬᠠᠷ᠎ᠠ ᠢᠮᠠᠭᠠᠨ ᠤ ᠵᠦᠢᠷᠠᠢ ᠮᠤᠨᠴᠤᠭ ᠲᠤ ᠪᠠᠶᠢᠨᠠᠮ᠃         ᠬᠦᠲᠡᠭᠡ ᠶᠢᠨ ᠬᠦᠬᠡ ᠰᠠᠯᠬᠢ         ᠪᠤᠯᠲᠠᠵᠦ ᠦᠷᠭᠦᠭᠰᠡᠨ ᠢᠶᠠᠨ ᠪᠤᠴᠠᠨ ᠡᠷᠭᠢᠵᠦ ᠵᠤᠭᠰᠤᠲᠠᠭ         ᠪᠤᠭᠤ ᠶᠢᠨ ᠨᠠᠮᠬᠠᠨ ᠵᠤ ᠶᠢ ᠢᠯᠪᠢᠵᠦ ᠢᠷᠡᠨᠡᠮ         ᠪᠤᠲᠠᠨ ᠳᠤ ᠰᠦᠯᠵᠢᠭᠰᠡᠨ ᠵᠢᠮ ᠢᠶᠠᠷ ᠢᠶᠠᠨ ᠭᠤᠷᠪᠠ ᠡᠷᠬᠢᠲᠡᠭ         ᠪᠦᠵᠦᠩ ᠤᠨ ᠬᠦᠭᠡᠷᠦᠬᠦᠨ ᠬᠦᠶᠦᠲᠡᠯ ᠢ ᠲᠠᠭᠠᠵᠦ ᠢᠷᠡᠨᠡᠮ᠂         ᠬᠠᠭᠲᠠ ᠴᠤᠬᠤᠶᠢᠭᠰᠠᠨ ᠨᠦᠮᠦᠷᠢᠯᠢᠭ ᠰᠢᠨ᠎ᠡ ᠬᠠᠪᠤᠷᠵᠢᠶᠠᠨ ᠳᠤ         ᠬᠠᠶᠠᠭ᠎ᠠ ᠲᠠᠲᠠᠭᠰᠠᠨ ᠵᠡᠷᠭᠡᠯᠭᠡᠨ ᠲᠠᠢ ᠪᠦᠵᠢᠵᠦ ᠢᠷᠡᠨᠡᠮ         ᠬᠠᠷᠠᠤ ᠲᠠᠯᠪᠢᠭᠰᠠᠨ ᠨᠤᠲᠤᠭ ᠤᠨ ᠮᠦᠡᠭᠭᠦᠨ ᠭᠤᠤᠯ ᠤᠨ         ᠬᠠᠯᠢᠶ᠎ᠠ ᠭᠦᠶᠦᠭᠡᠨ ᠤᠷᠤᠰᠬᠠᠯ ᠢ ᠦᠯᠮᠡᠶᠢᠯᠡᠵᠦ ᠢᠷᠡᠨᠡᠮ᠂                  ᠠᠶᠢᠯᠴᠢᠨ ᠢᠷᠡᠨ᠎ᠡ ᠭᠡᠵᠦ ᠪᠠᠶᠠᠷ ᠮᠡᠲᠡᠭᠦᠯᠲᠡᠭ         ᠠᠯᠠᠭ ᠱᠠᠭᠠᠵᠠᠭᠠᠢ ᠶᠢᠨ ᠱᠠᠭᠰᠢᠯᠲᠠ ᠶᠢ ᠦᠨᠡᠮᠰᠢᠭᠦᠯᠵᠦ ᠢᠷᠡᠨᠡᠮ         ᠠᠨᠢᠷ ᠲᠤᠭᠤᠯᠤᠨ ᠰᠡᠲᠡᠪᠬᠢᠵᠦ ᠬᠤᠴᠠᠲᠠᠭ         ᠠᠪᠠᠴᠢ ᠱᠤᠩᠬᠤᠷ ᠤᠨ ᠰᠡᠭᠦᠯ ᠢ ᠰᠢᠷᠪᠠᠭᠤᠯᠵᠦ ᠢᠷᠡᠨᠡᠮ︕         ᠬᠦᠲᠡᠭᠡ ᠶᠢᠨ ᠬᠦᠬᠡ ᠰᠠᠯᠬᠢ         ᠪᠠᠷᠢᠴᠡ ᠪᠠᠷ ᠲᠡᠶᠢᠯᠵᠦ ᠮᠡᠭᠡ ᠢ ᠨᠢ ᠬᠤᠷᠢᠭᠯᠡᠵᠦ ᠪᠠᠷᠢᠯᠲᠤᠲᠠᠭ         ᠪᠢᠷ᠎ᠠ ᠲᠠᠢ ᠪᠦᠬᠡᠴᠢᠳ ᠤᠨ ᠤᠬᠠᠭ᠎ᠠ ᠶᠢ ᠰᠢᠯᠭᠠᠵᠦ ᠢᠷᠡᠲᠡᠭ         ᠪᠠᠷᠢᠶᠠᠨ ᠤ ᠭᠠᠵᠠᠷ ᠰᠡᠳᠬᠢᠯ ᠨᠢ ᠤᠷᠢᠲᠠ ᠪᠠᠷ ᠬᠦᠷᠲᠡᠭ         ᠪᠢᠴᠢᠬᠠᠨ ᠤᠨᠤᠭᠠᠴᠢᠨ ᠤ ᠬᠡᠶᠢᠮᠤᠷᠢ ᠶᠢ ᠲᠡᠭᠲᠡᠭᠡᠵᠦ ᠢᠷᠡᠲᠡᠭ         ᠪᠠᠳᠮᠠᠨ ᠬᠡ ᠲᠠᠢ ᠨᠤᠮᠤ ᠶᠢ ᠪᠠᠨ ᠲᠡᠷᠭᠡᠯᠡᠲᠡᠯ᠎ᠡ ᠲᠡᠯᠢᠲᠡᠭ         ᠪᠢᠯᠢᠭᠲᠦ ᠬᠠᠷᠪᠤᠭᠠᠴᠢᠨ ᠤ ᠵᠤᠷᠢᠭ ᠢ ᠬᠦᠪᠴᠢᠯᠠᠵᠦ ᠢᠷᠡᠲᠡᠭ︕         ᠬᠦᠲᠡᠭᠡ ᠶᠢᠨ ᠬᠦᠬᠡ ᠰᠠᠯᠬᠢ         ᠠᠯᠲᠠᠨ ᠨᠠᠷᠠᠨ ᠤ ᠲᠤᠶᠠᠭᠠᠷᠠᠯ ᠳᠤ ᠤᠶᠠᠩᠭᠠᠷᠠᠵᠦ ᠢᠷᠡᠲᠡᠭ         ᠠᠷᠢᠭᠤᠨ ᠪᠠᠶᠢᠭᠠᠯᠢ ᠶᠢᠨ ᠵᠢᠷᠤᠭ ᠲᠤ ᠰᠤᠭᠲᠤᠭᠤᠷᠠᠵᠦ ᠢᠷᠡᠲᠡᠭ         ᠠᠮᠢᠵᠢᠷᠠᠯᠲᠦ ᠢᠷᠭᠤᠢ ᠶᠢᠨ ᠲᠤᠭᠤᠰᠤ ᠶᠢ ᠲᠠᠮᠵᠢᠭᠤᠯᠵᠦ ᠢᠷᠡᠲᠡᠭ         ᠠᠶᠠᠨᠴᠢᠨ ᠰᠢᠪᠠᠭᠤᠳ ᠤᠨ ᠮᠦᠷᠦᠭᠡᠲᠦᠯ ᠢ ᠬᠤᠪᠢᠶᠠᠯᠴᠠᠵᠦ ᠢᠷᠡᠲᠡᠭ —         ᠰᠠᠶᠢᠨ ᠤ ᠪᠡᠯᠭᠡ ᠲᠠᠢ ᠰᠡᠪᠢᠯᠵᠡᠭᠦᠷ ᠵᠦᠭᠡᠯᠡᠨ ᠤᠷᠤᠰᠬᠠᠯ         ᠰᠠᠷ᠎ᠠ ᠤᠯᠠᠷᠢᠯ ᠤᠨ ᠡᠭᠡᠯᠵᠢᠯᠡᠯ ᠢᠶᠠᠷ ᠦᠷᠦᠭᠡᠯ ᠢ ᠠᠷᠭᠠᠲᠠᠲᠠᠭ ᠡ᠂         ᠰᠠᠶᠢᠬᠠᠨ ᠮᠤᠩᠭᠤᠯ ᠤᠷᠤᠨ ᠳᠤ ᠪᠠᠨ ᠮᠦᠡᠭᠬᠡ ᠬᠤᠷᠭᠤᠲᠠᠵᠦ         ᠰᠢᠷᠭᠠᠯ ᠴᠠᠢ ᠶᠢᠨ ᠠᠩᠭᠢᠯᠥᠯ ᠢᠶᠠᠷ ᠦᠪᠡᠷ ᠢ ᠪᠠᠨ ᠭᠤᠶᠤᠲᠠᠭ ᠡ︕  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号