ᠰᠢᠷᠠᠮᠦ᠋ᠷᠡᠨ ᠰᠦᠮ᠎ᠡ
ᠨᠡᠶᠢᠲᠡᠯᠡᠭᠰᠡᠨ ᠴᠠᠭ᠄
2018-03-23
       ᠰᠢᠷᠠᠮᠦ᠋ᠷᠡᠨ ᠰᠦᠮ᠎ᠡ          ᠰᠢᠷᠠᠮᠦ᠋ᠷᠡᠨ ᠰᠦᠮ᠎ᠡ ︵ᠬᠤᠲᠠᠯᠠ ᠨᠡᠶᠢᠯᠡᠭᠦᠯᠦᠭᠴᠢ ᠰᠦᠮ᠎ᠡ︶ ᠪᠤᠭᠤᠳᠤ ᠶᠢᠨ ᠲᠠᠷᠬᠠᠨ ᠮᠣᠣᠮᠢᠩᠭᠠᠨ ᠬᠤᠯᠪᠤᠭᠠᠳᠤ ᠬᠤᠰᠢᠭᠤᠨ ᠤ ᠰᠢᠷᠠᠮᠦ᠋ᠷᠡᠨ ᠪᠠᠯᠭᠠᠰᠦᠨ ᠳᠤ ᠪᠠᠶᠢᠵᠤ᠂ ᠲᠦᠪᠡᠳ ᠮᠠᠶ᠋ᠢᠭ ᠤᠨ ᠲᠡᠭᠰᠢ ᠣᠷᠣᠶᠢᠳᠤ ᠪᠠᠷᠢᠯᠭ᠎ᠠ ᠶᠢᠨ ᠬᠡᠪ ᠨᠠᠮᠪᠠ ᠲᠠᠢ ᠪᠠ ᠴᠣᠭᠴᠢᠨ ᠲᠤᠭᠠᠩ᠂ ᠭᠡᠭᠡᠨ ᠱᠠᠩ᠂ ᠱᠠᠷᠢᠯ ᠤᠨ ᠲᠠᠩᠬᠢᠮ ᠵᠡᠷᠭᠡ ᠪᠠᠷ ᠪᠦᠷᠢᠯᠳᠤᠵᠠᠢ᠃ ᠴᠣᠭᠴᠢᠨ ᠲᠤᠭᠠᠩ ᠢ ᠪᠠᠨᠴᠢᠨ ᠪᠣᠭᠳᠠ ᠶᠢᠨ ᠷᠠᠰᠢᠯᠦ᠋ᠮᠪᠦ ᠬᠡᠶᠢᠳ ᠲᠠᠢ ᠠᠳᠠᠯᠢᠪᠳᠦᠷ ᠪᠠᠷᠢᠵᠤ᠂ ᠣᠨᠴᠠ ᠡᠷᠬᠡ ᠶᠢᠨ ᠭᠤᠷᠪᠠᠨ ᠤᠯᠠᠭᠠᠨ ᠡᠭᠦᠳᠡ ᠲᠠᠢ ︵ᠡᠶᠢᠮᠦᠷᠬᠦ ᠭᠤᠷᠪᠠᠨ ᠤᠯᠠᠭᠠᠨ ᠡᠭᠦᠳᠡ ᠲᠠᠢ ᠲᠤᠭᠠᠩ ᠦᠪᠦᠷ ᠮᠣᠩᠭᠤᠯ ᠳᠤ ᠴᠣᠷ ᠤᠨ ᠭᠠᠭᠴᠠ ᠪᠠᠶᠢᠳᠠᠭ︶᠃ ᠲᠤᠭᠠᠩ ᠤᠨ ᠪᠠᠷᠠᠭᠤᠨ ᠬᠡᠷᠡᠮ ᠲᠡᠭᠡᠷ᠎ᠡ ᠲᠣᠭᠤᠰᠤᠳᠤ  ᠶᠢᠷᠳᠢᠨᠴᠦ ᠪᠠ ᠲᠠᠮᠤ ᠶᠢᠨ ᠣᠷᠣᠨ ᠤ ᠵᠢᠷᠤᠭ ᠪᠠᠶᠢᠵᠤ᠂ ᠵᠡᠭᠦᠨ ᠬᠡᠷᠡᠮ ᠲᠡᠭᠡᠷ᠎ᠡ ᠨᠢ ᠱᠠᠮᠪᠠᠯ ᠤᠨ ᠣᠷᠣᠨ ᠤ ᠵᠢᠷᠤᠭ ᠲᠠᠢ᠃    

 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号