ᠳᠤᠷᠠᠰᠤᠯ ᠰᠢᠩᠭᠡᠭᠡᠭᠰᠡᠨ ᠭᠤᠤᠯ
ᠨᠡᠶᠢᠲᠡᠯᠡᠭᠰᠡᠨ ᠴᠠᠭ᠄
2018-03-22
       ᠳᠤᠷᠠᠰᠤᠯ ᠰᠢᠩᠭᠡᠭᠡᠭᠰᠡᠨ ᠭᠤᠤᠯ      ᠲᠡᠷᠡ ᠭᠤᠤᠯ ᠵᠦᠭ ᠤᠴᠢᠬᠤ ᠨᠢ ᠮᠢᠨᠤ ᠠᠶᠠᠨᠳᠠᠭᠠᠨ ᠤ ᠲᠠᠳᠬᠠᠯ ᠪᠤᠯᠤᠭᠰᠠᠨ ᠪᠠᠶᠢᠯ᠎ᠠ᠃ ᠵᠠᠷᠢᠮ ᠳᠠᠭᠠᠨ ᠤᠷᠤᠰᠬᠠᠯ ᠲᠠᠰᠤᠷᠠᠵᠤ ᠵᠠᠷᠢᠮ ᠳᠠᠭᠠᠨ ᠬᠡᠪᠡᠯᠢ ᠲᠦᠭᠦᠷᠠᠩ ᠤᠰᠤ ᠢᠷᠡᠭᠡᠳ ᠲᠦᠯᠭᠡᠭᠡᠨ ᠤᠷᠤᠰᠳᠠᠭ ᠵᠢᠵᠢᠭ ᠭᠤᠤᠯ ᠡᠨᠡ ᠨᠤᠳᠤᠭ ᠤᠨ ᠭᠤᠤᠯ ᠦᠵᠡᠮᠵᠢ ᠰᠢᠭ ᠯᠠ ᠨᠠᠳᠠ ᠳᠤ ᠰᠠᠨᠠᠭᠳᠠᠳᠠᠭ᠃ ᠭᠤᠤᠯ ᠢ ᠭᠠᠵᠠᠷ ᠤᠨ ᠰᠤᠳᠠᠰᠤ ᠭᠡᠳᠡᠭ ᠶᠤᠮ᠂ ᠪᠢ ᠴᠤ ᠲᠡᠷᠨ ᠭᠤᠤᠯ‌ᠢ ᠬᠠᠷᠠᠭᠰᠠᠭᠠᠷ ᠡᠬᠡ ᠭᠠᠵᠠᠷ ᠨᠢ ᠬᠦᠮᠦᠨ ᠤ ᠪᠡᠶ᠎ᠡ᠂ ᠭᠤᠤᠯ ᠨᠢ ᠰᠤᠳᠠᠯ ᠰᠢᠭ᠋ ᠰᠠᠨᠠᠭᠳᠠᠵᠤ᠂ ᠦᠪᠡᠷ ᠤᠨ ᠪᠡᠶ᠎ᠡ ᠶᠢᠨ ᠴᠢᠰᠤ ᠪᠦᠬᠦ ᠪᠡᠶ᠎ᠡ ᠪᠠᠷ ᠳᠠᠮᠵᠢᠵᠤ ᠤᠷᠤᠰᠴᠤ ᠪᠠᠶᠢᠬᠤ ᠶᠢ ᠰᠡᠷᠡᠵᠦ ᠮᠡᠳᠡᠷᠡᠬᠦ ᠰᠢᠭ  ᠪᠤᠯᠳᠠᠭ᠃ ᠮᠤᠩᠭᠤᠯ ᠦᠭᠡ ᠶᠢᠨ ᠣᠨᠣᠪᠴᠢ ᠭᠡᠵᠦ ᠬᠡᠴᠢᠨᠡᠨ ᠷᠢᠳᠢ ᠰᠢᠳᠢ ᠲᠠᠢ ᠠᠵᠢ᠂ ᠶᠢᠷᠳᠢᠨᠴᠤ ᠶᠢᠨ ᠪᠤᠳᠠᠰ ᠪᠠ ᠤᠷᠤᠰᠢᠨ ᠠᠮᠢᠳᠤᠷᠠᠵᠤ ᠪᠦᠭᠦᠢ ᠶᠠᠭᠤᠮ᠎ᠠ ᠪᠦᠷ ︽ᠭᠤᠤᠯ︾ ᠲᠠᠢ ᠪᠠᠶᠢᠳᠠᠭ᠂ ᠲᠡᠭᠡᠭᠡᠳ ᠯᠡ ᠪᠠᠶᠢᠭᠠᠯᠢ ᠪᠠᠨ ᠲᠡᠭᠡᠳᠤᠯᠡᠳᠡᠭ ᠮᠤᠩᠭᠤᠯᠴᠤᠳ ᠲᠠᠯ᠎ᠠ ᠠᠭᠤᠯᠠ᠂ ᠤᠢ ᠬᠦᠳᠦᠯ ᠢᠶᠠᠷ ᠲᠠᠮᠵᠢᠨ ᠤᠷᠤᠰᠳᠠᠭ ᠡᠨᠡᠭᠦ ᠪᠠᠶᠢᠭᠠᠯᠢ ᠶᠢᠨ ᠪᠦᠳᠦᠭᠡᠭᠳᠡᠭᠦᠨ ᠢᠶᠠᠨ ︽ᠭᠤᠤᠯ︾ ᠭᠡᠵᠤ ᠨᠡᠷᠡᠯᠡᠭᠰᠡᠨ ᠰᠢᠭ ᠪᠤᠳᠤᠭᠳᠠᠭᠠᠳ ᠪᠠᠶᠢᠬᠤ ᠶᠤᠮ᠃ ᠪᠠᠭ᠎ᠠ ᠠᠴᠠ ᠪᠠᠨ ᠭᠤᠤᠯ ᠤᠨ ᠳᠡᠷᠭᠡᠳᠡ ᠲᠤᠭᠯᠠᠵᠤ ᠦᠰᠦᠭᠰᠡᠨ ᠨᠠᠳᠠ ᠳᠤ ᠭᠤᠤᠯ ᠤᠨ ᠲᠤᠬᠠᠢ ᠡᠷᠭᠢᠴᠡᠭᠦᠯᠦᠯ ᠤᠶᠤᠨ ᠰᠡᠳᠭᠢᠯ ᠳᠤ ᠠᠮᠢ ᠭᠤᠤᠯ ᠲᠠᠢ ᠬᠤᠯᠪᠤᠭᠳᠠᠯ ᠲᠠᠢ ᠰᠢᠭ᠋ ᠰᠠᠨᠠᠭᠳᠠᠳᠠᠭ᠃ ᠲᠡᠭᠡᠭᠡᠳ ᠯᠡ ᠭᠤᠤᠯ ᠢ ᠬᠠᠷᠠᠭᠰᠠᠭᠷ ᠤᠢ ᠤᠬᠠᠭᠠᠨ ᠳᠤ ᠵᠢᠭᠦᠷ ᠤᠷᠭᠤᠵᠤ ᠵᠠᠯᠠᠭᠤ ᠪᠠᠭ᠎ᠠ ᠨᠠᠰᠤᠨ ᠳᠠᠭᠠᠨ ᠨᠢᠰᠦᠨ ᠬᠦᠷᠦᠨ᠎ᠡ᠃            ᠬᠠᠪᠤᠷ ᠤᠨ ᠤᠷᠢᠬᠠᠨ ᠰᠠᠯᠬᠢᠨ ᠬᠦᠯᠳᠡᠭᠦᠦ ᠬᠦᠷᠤᠰᠤ ᠶᠢ ᠢᠯᠪᠢᠨ ᠭᠡᠰᠭᠡᠭᠦ ᠪᠠᠷ ᠭᠤᠤᠯ ᠤᠨ ᠤᠰᠤ ᠬᠠᠶᠢᠯᠤᠨ᠂ ᠨᠠᠷᠠᠨ ᠤ ᠭᠡᠷᠡᠯ ᠳᠤ ᠤᠰᠤᠨ ᠤ ᠲᠦᠯᠭᠡᠭᠡᠨ ᠠᠷ ᠠᠴᠠ ᠭᠢᠯᠠᠰ ᠭᠢᠯᠠᠰ ᠭᠡᠷᠡᠯ ᠰᠠᠴᠤᠷᠠᠭᠰᠠᠭᠠᠷ ᠵᠡᠭᠦᠨᠰᠢ ᠤᠷᠤᠰᠬᠤ ᠳᠤ ᠭᠤᠤᠯ ᠤᠨ ᠤᠷᠤᠰᠬᠠᠯ ᠢ ᠲᠠᠭᠠᠵᠤ ᠪᠠᠶᠢᠭᠠᠯᠢ ᠶᠢᠨ ᠰᠠᠶᠢᠬᠠᠨ ᠳᠤ ᠰᠤᠭᠳᠤᠭᠤᠷᠠᠨ᠂ ᠬᠦᠮᠦᠨ ᠤ ᠠᠮᠢᠳᠤᠷᠠᠯ ᠤᠨ ᠵᠤᠯ ᠵᠢᠷᠭᠠᠯᠳᠤ ᠤᠴᠠᠷᠠᠯ᠂ ᠡᠷᠢᠶᠡᠨ ᠪᠠᠷᠠᠭᠠᠨ ᠲᠠᠢ ᠬᠠᠲᠠᠭᠤ ᠣᠷᠴᠢᠯᠠᠩ ᠤᠨ ᠪᠦᠬᠦᠨ ᠢ ᠡᠷᠭᠢᠴᠡᠭᠦᠯᠦᠨ ᠨᠠᠮ ᠵᠢᠮ ᠠᠯᠬᠤᠬᠤ ᠲᠤᠷᠠᠳᠠᠢ᠃ ᠭᠤᠤᠯ ᠤᠨ ᠲᠤᠩᠭᠠᠯᠠᠭ ᠤᠷᠤᠰᠬᠠᠯ᠂ ᠢᠯᠴᠢ ᠭᠡᠷᠡᠯ ᠰᠠᠴᠤᠷᠠᠭᠤᠯᠤᠭᠰᠠᠭᠠᠷ ᠮᠠᠨᠳᠤᠬᠤ ᠦᠷᠯᠦᠭᠡ ᠶᠢᠨ ᠨᠠᠷᠠ᠂ ᠨᠠᠮᠵᠢᠭᠤᠨ ᠲᠤᠩᠭᠠᠯᠠᠭ ᠲᠡᠭᠳᠡᠭᠦ ᠦᠳᠡᠰᠢ ᠶᠢᠨ ᠰᠠᠷᠨ᠂ ᠰᠦᠨᠢ‌‍ᠶᠢᠨ ᠤᠭᠳᠠᠷᠭᠤᠢ ᠶᠢᠨ ᠮᠠᠨᠳᠠᠯ ᠳᠤ ᠠᠯᠮᠠᠰ ᠰᠢᠭᠢᠳᠭᠡᠭᠰᠡᠨ ᠰᠢᠭ ᠲᠤᠭ᠎ᠠ ᠲᠤᠮᠰᠢ ᠦᠭᠡᠢ ᠤᠳᠤᠨ ᠮᠡᠴᠢᠳ ᠢ ᠲᠡᠷᠭᠡᠳᠡ ᠮᠢᠨᠢ᠂ ᠬᠠᠷᠠᠭᠠᠨ ᠳᠤ  ᠮᠢᠨᠢ᠂ ᠰᠡᠳᠬᠢᠯ ᠤᠨ ᠮᠡᠳᠡᠷᠡᠮᠵᠢ ᠳᠤ ᠤᠰᠤᠨ ᠤᠷᠤᠰᠬᠠᠯ ᠢᠶᠠᠷ ᠲᠠᠮᠵᠢᠨ ᠬᠦᠷᠭᠡᠨ ᠢᠷᠡᠳᠡᠭ᠃            ᠤᠰᠤ ᠤᠰᠤ ᠲᠠᠢ ᠪᠠᠨ ᠬᠤᠯᠪᠣᠭ᠎ᠠ ᠲᠠᠢ ᠭᠡᠳᠡᠭ ᠢᠶᠠᠷ ᠲᠡᠷᠨ ᠭᠤᠤᠯ ᠵᠦᠭ ᠬᠠᠶᠢᠷ᠎ᠠ ᠰᠡᠳᠭᠢᠯᠭᠡ ᠪᠠᠨ ᠢᠪᠢᠯᠦᠭᠦᠯᠦᠭᠰᠡᠭᠡᠷ ᠬᠦᠷᠳᠡᠭ ᠨᠢ ᠭᠤᠤᠯ ᠤᠨ ᠬᠦ᠋ᠪᠡᠭᠡᠨ ᠳᠤ ᠦᠰᠦᠭᠰᠡᠨ ᠨᠠᠳᠠ‌‍ᠳᠤ ᠲᠤᠩ ᠤᠯᠠᠨ ᠲᠤᠷᠠᠰᠤᠯ ᠢ ᠰᠠᠨᠠᠭᠳᠠᠭᠤᠯᠤᠨ᠎ᠠ᠃ ᠵᠠᠯᠠᠭᠤ ᠪᠠᠭ᠎ᠠ ᠨᠠᠰᠤ ᠮᠢᠨᠢ ᠭᠤᠤᠯ ᠤᠨ ᠤᠰᠤ ᠰᠢᠭ᠋ ᠪᠤᠴᠠᠰᠢ ᠦᠭᠡᠢ ᠶᠠᠪᠤᠭᠰᠠᠨ ᠴᠤ ᠪᠤᠳᠤᠯ ᠤᠨ ᠬᠡᠯᠬᠢᠶᠡᠰᠤᠨ ᠳᠤ ᠪᠠᠭ᠎ᠠ ᠨᠠᠰᠤᠨ‌‍ᠤ ᠰᠠᠶᠢᠬᠠᠨ ᠲᠤᠷᠠᠳᠬᠠᠯ ᠬᠠᠪᠤᠷ ᠤᠨ ᠰᠤᠷᠭᠤᠭ ᠴᠡᠴᠡᠭ ᠰᠢᠭ  ᠬᠡᠵᠢᠶᠡᠳᠡ ᠰᠢᠨᠡᠷᠭᠡᠬᠦᠨ ᠠᠮᠢᠵᠢᠷᠠᠯ ᠲᠠᠢ ᠬᠡᠪ ᠢᠶᠠᠷ᠃ ᠮᠢᠨᠤ ᠠᠵᠢᠯᠯᠠᠵᠤ ᠠᠮᠢᠳᠤᠷᠠᠵᠤ ᠪᠠᠶᠢᠭ᠎ᠠ ᠭᠠᠵᠠᠷ ᠦᠰᠴᠤ ᠲᠦᠷᠦᠭᠰᠡᠨ ᠬᠠᠯᠠᠭᠤᠨ ᠡᠯᠢᠭᠡᠨ ᠨᠤᠳᠤᠭ ᠠᠴᠠ ᠵᠠᠭᠤᠭᠠᠳ ᠭᠠᠵᠠᠷ ᠤᠨ ᠡᠯᠡᠰᠤ ᠠᠯᠤᠰᠯᠠᠵᠤ ᠲᠡᠳᠦᠢ ᠯᠠ ᠬᠤᠯᠠ ᠦᠭᠡᠢ ᠴᠤ ᠨᠢᠴᠦᠭᠦᠨ ᠬᠦᠯ ᠤᠨ ᠮᠦᠷ ᠢᠶᠠᠨ ᠨᠤᠳᠤᠭ ᠤᠨ ᠭᠤᠤᠯ ᠤᠨ ᠬᠦᠪᠡᠭᠡᠨ ᠳᠤ ᠲᠠᠮᠠᠭᠠᠭᠯᠠᠭᠰᠠᠨ᠂ ᠨᠠᠷᠭᠢᠵᠦ ᠨᠠᠭᠠᠳᠤᠭᠰᠠᠨ ᠤᠬᠢᠯᠠᠵᠤ ᠲᠠᠭᠤᠯᠠᠬᠰᠠᠨ ᠴᠤᠤᠷᠢᠶ᠎ᠠ ᠭᠤᠤᠯ ᠤᠨ ᠴᠡᠭᠡᠯ ᠡᠷᠭᠢ ᠳᠤ ᠰᠢᠩᠭᠡᠭᠡᠭᠰᠡᠨ ᠲᠡᠷᠡ ᠵᠦᠭ ᠰᠡᠳᠬᠢᠯ ᠰᠡᠮᠡᠷᠡᠭᠡᠳ ᠪᠠᠶᠢᠬᠤ ᠶᠤᠮ᠃            ᠠᠮᠢᠯᠠᠯ ᠤᠨ ᠪᠡᠯᠭᠡ  ᠶᠢ ᠬᠦᠷᠭᠡᠵᠦ ᠢᠷᠡᠳᠡᠭ ᠭᠤᠤᠯ ᠤᠨ ᠬᠠᠪᠤᠷ ᠤᠨ ᠬᠠᠯᠢᠶ᠎ᠠ ᠶᠢ ᠪᠠᠭ᠎ᠠ ᠶᠢᠨ ᠨᠠᠶᠢᠵᠠ ᠨᠠᠷ ᠲᠠᠢ ᠪᠠᠨ ᠬᠠᠮᠳᠤ ᠪᠠᠷ ᠪᠠᠷᠠᠭᠠᠯᠠᠨ ᠠᠯᠢᠶᠡᠷᠬᠠᠳᠠᠭ ᠪᠠᠭ᠎ᠠ ᠨᠠᠰᠤ ᠪᠠᠨ ᠪᠤᠳᠤᠬᠤᠯᠠᠷ ᠰᠢᠬᠢᠷ ᠪᠤᠷᠠᠮ ᠠᠮᠳᠠᠯᠠᠭᠰᠠᠨ ᠰᠢᠭ᠋ ᠰᠠᠨᠠᠭᠳᠠᠳᠠᠭ᠃ ᠵᠤᠨ ᠤ ᠬᠠᠯᠠᠭᠤᠨ ᠨᠠᠷᠠ ᠵᠤᠯᠠᠢ ᠳᠡᠭᠡᠷ᠎ᠡ ᠲᠦᠭᠡᠨᠡᠭᠦ ᠪᠠᠷ ᠬᠡᠳᠤᠭᠦᠯᠡ ᠪᠠᠨ ᠪᠣᠯᠵᠤᠭ᠎ᠠ ᠲᠠᠢ ᠰᠢᠭ᠋ ᠠᠶᠢᠯ ᠤᠨ ᠡᠮᠦᠨ᠎ᠡ ᠵᠠᠬ᠎ᠠ ᠳᠤ ᠠᠭᠤᠯᠵᠠᠨ ᠭᠤᠤᠯ ᠤᠨ ᠲᠠᠩ ᠤᠨ ᠪᠤᠷᠭᠠᠰᠤ ᠲᠤᠮᠳᠠᠭᠤᠷ ᠰᠦᠯᠵᠢᠯᠳᠦᠨ ᠭᠤᠤᠯ ᠢ ᠴᠢᠭᠯᠡᠨ ᠬᠦᠷᠳᠡᠭ᠃ ᠲᠡᠭᠡᠭᠡᠳ ᠯᠡ ᠬᠦᠦᠴᠤᠤᠯ ᠨᠢ ᠭᠦᠨ ᠰᠢᠭ ᠤᠰᠤᠨ ᠳᠤ᠂ ᠬᠡᠤᠭᠡᠨᠴᠤᠳ ᠨᠢ  ᠭᠦᠶᠦᠭᠡᠨ ᠰᠢᠭ ᠤᠰᠤ ᠲᠠᠢ ᠭᠠᠵᠠᠷ ᠢ ᠡᠷᠢᠵᠤ ᠨᠠᠭᠠᠳᠴᠦ ᠡᠬᠢᠯᠡᠨ᠎ᠡ᠃ ᠭᠤᠤᠯ ᠤᠨ ᠦᠨᠳᠤᠷ ᠡᠷᠭᠢ ᠠᠴᠠ ᠲᠤᠷᠤᠭᠰᠢ ᠦᠰᠦᠷᠭᠦ᠂ ᠤᠰᠤᠨ ᠳᠤ ᠵᠢᠪᠪᠦᠨ ︽ᠡᠷᠳᠡᠮ ᠦᠵᠡᠬᠦᠯᠬᠦ︾᠂ ᠭᠤᠤᠯ ᠤᠨ ᠬᠦᠪᠡᠭᠡᠨ ᠤ ᠨᠢᠯᠴᠠᠭ ᠰᠢᠪᠡᠷ ᠢ ᠪᠦᠬᠦ ᠪᠡᠶ᠎ᠡ ᠳᠡᠭᠡᠷ᠎ᠡ ᠪᠠᠨ ᠲᠦᠷᠬᠢᠵᠤ ᠨᠢᠭᠡ ᠨᠢᠭᠡ ᠪᠠᠨ ᠬᠠᠷᠠᠵᠤ ᠢᠨᠢᠶᠡᠯᠳᠤᠨ ᠭᠤᠤᠯ ᠤᠨ ᠳᠠᠩ ᠢ  ᠪᠠᠶᠠᠰᠤᠯ ᠤᠨ ᠲᠠᠭᠤ ᠪᠠᠷ ᠤᠶᠠᠩᠭᠠᠷᠠᠭᠤᠯᠵᠤ ᠪᠠᠶᠢᠭᠰᠠᠨ᠃            ᠨᠠᠭᠠᠳᠴᠦ ᠪᠠᠶᠢᠲᠠᠯ᠎ᠠ ᠭᠤᠤᠯ ᠤᠨ ᠤᠰᠤ ᠨᠡᠮᠡᠭᠳᠡᠭᠦ ᠪᠠᠶᠢᠳᠠᠯ ᠲᠠᠩᠳᠠ ᠪᠠᠨ ᠲᠤᠬᠢᠶᠠᠯᠳᠤᠳᠠᠭ᠃ ᠭᠤᠤᠯ ᠤᠨ ᠤᠰᠤᠨ ᠲᠡᠭᠡᠭᠦᠷ ᠬᠦᠭᠡᠰᠤ ᠬᠦᠪᠦᠭᠰᠡᠭᠡᠷ ᠲᠡᠮᠡᠢ ᠯᠡ ᠤᠳᠠᠬᠤ ᠦᠭᠡᠢ ᠭᠤᠤᠯ ᠤᠨ ᠤᠰᠤᠨ ᠲᠦᠪᠰᠢᠨ ᠨᠡᠮᠡᠭᠳᠡᠭᠡᠳ᠂ ᠵᠤᠷᠢᠭ ᠵᠢᠷᠦᠬᠡ ᠪᠠᠭᠠᠳᠠᠢ ᠨᠢ ᠭᠤᠤᠯ ᠤᠨ ᠡᠷᠭᠢ ᠵᠦᠭ ᠲᠤᠳᠠᠭᠠᠨ᠂ ᠵᠤᠷᠢᠭ ᠵᠢᠷᠦᠬᠡ ᠶᠡᠬᠡᠲᠠᠢ ᠨᠢ ︽ᠲᠦᠭᠰᠢᠭᠦᠷᠢᠳᠤ ᠠᠵᠢᠯᠯᠠᠭ᠎ᠠ︾ ᠬᠢᠵᠤ ᠭᠤᠤᠯ ᠤᠨ ᠤᠰᠤᠨ ᠤ ᠨᠡᠮᠡᠭᠳᠡᠭᠦ ᠶᠢ ᠬᠠᠶᠢᠬᠤᠷᠤᠯ ᠦᠭᠡᠢ ᠬᠦᠨ ᠤᠰᠤᠨ ᠳᠤ ᠵᠢᠪᠪᠦᠨ ᠤᠷᠤᠵᠦ ᠭᠠᠷᠴᠤ ᠢᠷᠡᠭᠦ ᠦᠭᠡᠢ ᠡᠷᠭᠢ ᠲᠡᠭᠡᠷᠡᠭᠢ ᠬᠡᠳᠦᠬᠦᠯᠡ ᠶᠢ ᠠᠶᠤᠯᠭᠠᠨ ᠨᠠᠭᠠᠳᠤᠳᠠᠭ᠃  ᠵᠤᠨ ᠤ ᠬᠠᠯᠠᠭᠤᠨ ᠨᠠᠷᠠ ᠪᠢᠳᠡᠨ ᠤ ᠭᠦᠷ ᠪᠡᠶᠡᠷ ᠲᠤ ᠰᠤᠭᠳᠤᠭᠤᠷᠠᠭᠰᠠᠭᠠᠷ ᠪᠠᠷᠠᠭᠤᠨ ᠮᠠᠩᠬᠠᠨ ᠤ ᠠᠷᠤ ᠳᠤ ᠳᠠᠯᠳᠠᠯᠠᠭᠳᠠᠨ᠎ᠠ᠃            ᠬᠦᠳᠡᠭᠡ ᠨᠤᠳᠤᠭ ᠤᠨ ᠡᠪᠦᠯ ᠤᠨ ᠰᠦᠨᠢ ᠨᠠᠮ ᠵᠢᠮ ᠪᠠᠶᠢᠳᠠᠭ᠃ ᠬᠠᠯᠠᠭᠤᠨ‌ᠡᠪᠤᠷ ᠲᠡᠭᠡᠨ ᠰᠢᠷᠭᠤᠨ ᠡᠵᠢ ᠶᠢᠨ ᠪᠦᠪᠠᠶ ᠲᠠᠢ ᠠᠮᠳᠠᠳᠤ ᠨᠦᠢᠷ ᠲᠠᠭᠠᠨ ᠤᠷᠤᠬᠤ ᠦᠶ᠎ᠡ ᠳᠤ ︽ᠬᠦᠡᠭ᠂ ᠬᠦᠡᠭ︾ ᠭᠡᠬᠦ ᠬᠦᠨᠳᠡᠢ ᠲᠠᠭᠤ ᠰᠦᠨᠢ ᠶᠢᠨ ᠨᠠᠮ ᠵᠢᠮ ᠢ ᠪᠠᠶᠢᠨ ᠳᠡᠬᠢᠨ ᠡᠪᠳᠡᠨ᠎ᠡ᠃ ︽ᠭᠤᠣᠯ ᠨᠡᠪᠲᠡ ᠬᠦᠯᠳᠡᠭᠡᠳ ᠮᠦᠰᠦ ᠬᠠᠭᠠᠷᠠᠵᠦ ᠪᠠᠶᠢᠨ᠎ᠠ︾ ᠭᠡᠵᠤ ᠠᠪᠦ ᠮᠢᠨᠢ ᠲᠠᠶᠢᠯᠪᠤᠷᠢᠯᠠᠬᠤ ᠳᠤ ᠰᠡᠳᠬᠢᠯ ᠳᠡᠭᠡᠨ ᠰᠡᠮ ᠪᠠᠶᠠᠷᠯᠠᠨ᠎ᠠ᠃ ᠲᠡᠭᠡᠭᠡᠳ ᠯᠠ ᠨᠠᠷᠠ ᠭᠠᠷᠬᠤ ᠲᠠᠢ ᠵᠡᠷᠬᠡ ︽ᠭᠤᠤᠯ ᠤᠨ ᠮᠦᠰᠦ ᠬᠦᠮᠤᠨ ᠲᠠᠭᠠᠭᠠᠬᠤ ᠪᠣᠯᠵᠠᠢ︾ ᠭᠡᠳ ᠮᠥᠰᠦᠨ ᠭᠤᠯᠭᠤᠭᠤᠷ ᠲᠡᠷᠭᠡ ᠪᠠᠨ ᠠᠪᠴᠤ ᠬᠡᠳᠦᠭᠦᠯᠡ ᠪᠠᠨ ᠭᠤᠤᠯ ᠵᠦᠭ ᠬᠦᠶᠦᠯᠳᠦᠨ᠎ᠡ᠃ ᠭᠤᠯᠭᠤᠭᠤᠷ ᠲᠡᠷᠬᠡᠨ ᠳᠡᠭᠡᠨ ᠭᠠᠷᠰᠢᠭᠰᠠᠨ ᠠᠬ᠎ᠠ ᠡᠭᠡᠴᠢ ᠨᠠᠷ ᠤᠷᠤᠯᠳᠤᠭᠠᠨ ᠵᠠᠷᠯᠠᠬᠤ ᠳᠤ᠂ ᠨᠠᠰᠤ ᠪᠠᠭ᠎ᠠ ᠲᠠᠭᠦᠦ ᠨᠠᠷ ᠮᠠᠨᠢ ︽ᠬᠠᠮᠳᠦ ᠨᠠᠭᠠᠳᠬᠤ ᠦᠭᠡᠢ  ᠪᠠᠶᠢᠨ᠎ᠠ︾ ᠬᠡᠮᠡᠨ ᠨᠢᠰᠤ ᠨᠢᠯᠪᠤᠰᠤ ᠪᠠᠨ ᠵᠦᠯᠭᠦᠨ ᠮᠠᠭᠤ ᠴᠢᠷᠠᠶᠢᠯᠠᠨ᠎ᠠ᠃ ᠲᠡᠬᠡᠬᠦ ᠪᠠᠷ᠂ ᠬᠠᠶᠢᠷ᠎ᠠ ᠬᠠᠷᠠᠭᠠᠯᠵᠠᠯ ᠤᠨ ᠬᠦᠨ ᠶᠤᠰᠤ ᠶᠢ ᠤᠭᠤᠷᠠᠭ ᠲᠠᠷᠢᠬᠢᠨ ᠳᠠᠭᠠᠨ ᠠᠶᠠᠨᠳᠠᠭᠠᠨ ᠲᠤᠭᠳᠠᠭᠠᠬᠰᠠᠨ ᠠᠬ᠎ᠠ ᠡᠬᠡᠴᠢ ᠨᠢ ᠲᠠᠭᠦᠦ ᠨᠡᠷ ᠢᠶᠠᠨ ᠭᠤᠯᠭᠤᠭᠤᠷ ᠳᠡᠭᠡᠷ᠎ᠡ ᠪᠠᠨ ᠰᠠᠭᠤᠯᠭᠠᠨ ᠲᠦᠯᠬᠢᠨ ᠬᠦᠶᠦᠯᠳᠦᠨ᠎ᠡ ᠁            ᠲᠡᠷᠨ ᠭᠤᠤᠯ ᠪᠠᠭ᠎ᠠ ᠨᠠᠰᠤᠨ ᠤ ᠪᠠᠶᠠᠰᠤᠯ ᠬᠠᠶᠢᠷ᠎ᠠ ᠶᠢ ᠰᠢᠩᠭᠡᠭᠡᠵᠤ ᠤᠷᠤᠰᠤᠨ᠎ᠠ᠃ ᠪᠠᠯᠴᠢᠷ ᠨᠠᠰᠤ ᠪᠠᠨ ᠦᠩᠭᠡᠷᠡᠭᠦᠯᠵᠤ ᠪᠠᠭ᠎ᠠ ᠰᠤᠷᠭᠠᠭᠤᠯᠢ ᠳᠤ ᠤᠷᠤᠬᠰᠠᠨ ᠴᠤ ᠰᠦᠨᠡᠰᠦ ᠶᠢ ᠮᠢᠨᠢ ᠲᠠᠳᠠᠭᠠᠳ ᠪᠠᠶᠢᠳᠠᠭ ᠭᠤᠤᠯ ᠬᠢᠭᠡᠳ ᠮᠠᠨ ᠤ ᠦᠯᠢᠭᠡᠷ ᠶᠡᠷᠤᠨᠢ ᠲᠠᠰᠤᠷᠠᠭᠰᠠᠨ ᠦᠭᠡᠢ᠃ ᠦᠳᠡ ᠶᠢᠨ ᠠᠮᠠᠷᠠᠯᠳᠠ ᠪᠤᠯᠤᠭᠰᠠᠭᠠᠷ ᠪᠠᠭᠰᠢ ᠠᠴᠠ ᠪᠠᠨ ᠨᠢᠭᠤᠵᠤ ᠭᠤᠯᠭᠤᠨ ᠭᠠᠷᠴᠤ ᠭᠤᠤᠯ ᠵᠦᠭ ᠭᠦᠶᠦᠯᠳᠦᠳᠡᠭ᠃ ᠡᠩᠨᠡᠭᠡ ᠦᠷᠭᠡᠳᠴᠦ ᠭᠤᠤᠯ ᠤᠨ ᠬᠦᠪᠡᠭᠡᠨ ᠤ ᠨᠠᠭᠠᠳᠤᠮ ᠴᠦ ᠨᠠᠩ ᠬᠦᠭᠵᠢᠶᠡᠨ ᠲᠠᠢ ᠪᠤᠯᠬᠤ ᠨᠢ ᠲᠡᠷᠡ᠃ ᠬᠠᠶᠠ ᠨᠠᠭᠠᠳᠤᠮ ᠳᠠᠭᠠᠨ ᠰᠤᠭᠳᠤᠭᠤᠷᠠᠨ ᠬᠢᠴᠢᠶᠡᠯ ᠠᠴᠠ ᠤᠷᠦ᠋ᠢᠳᠠᠵᠤ ᠪᠠᠭᠰᠢ ᠳᠠᠭᠠᠨ ᠰᠢᠭᠦᠮᠵᠢᠯᠡᠭᠳᠡᠨ᠎ᠡ᠃ ᠬᠠᠰᠢᠷ ᠪᠠᠭᠰᠢ ᠨᠡᠷ ᠴᠦ ᠤᠰᠤᠨ ᠲᠤ ᠨᠠᠭᠠᠳᠤᠭᠰᠠᠨ ᠡᠰᠡᠬᠦ ᠶᠢ ᠤᠨᠤᠰᠢᠯᠠᠬᠤ ᠠᠷᠭ᠎ᠠ ᠪᠤᠢ᠃ ᠪᠡᠶ᠎ᠡ ᠳᠡᠭᠡᠷ᠎ᠡ ᠬᠤᠷᠤᠭᠤ ᠪᠠᠷ ᠢᠶᠠᠨ ᠬᠦᠩᠭᠡᠬᠡᠨ‌ᠢᠯᠪᠢᠬᠦ ᠳᠤ᠂ ᠬᠤᠷᠤᠭᠤ ᠴᠠᠶᠢᠷᠠᠩᠳᠠᠪᠠᠯ ᠤᠰᠤᠨ ᠳᠤ ᠤᠮᠪᠠᠯ᠎ᠠ ᠬᠡᠰᠡᠨ ᠦᠬᠡ᠃ ᠵᠡᠷᠢᠮᠠᠳ ᠨᠢ ᠨᠢᠭᠤᠷ ᠲᠤᠯᠤᠭᠠᠢ ᠳᠠᠭᠠᠨ ᠰᠢᠪᠠᠷ ᠱᠠᠯᠴᠠᠭ ᠨᠠᠭᠠᠯᠳᠤᠭᠤᠯᠤᠨ ᠬᠦᠶᠦᠵᠦ ᠢᠷᠡᠬᠦ ᠶᠤᠮ ᠴᠢᠨᠢ ᠪᠠᠭᠰᠢ ᠳᠤ ᠮᠡᠳᠡᠭᠳᠡᠬᠦ ᠦᠭᠡᠢ ᠶᠠᠭᠠᠬᠢᠬᠤ ᠪᠤᠢ᠃ ᠲᠡᠭᠡᠭᠡᠳ ᠯᠡ ᠭᠠᠳᠠᠨ᠎ᠠ ︽ᠨᠠᠷᠠᠯᠠᠭᠳᠠᠨ᠋︾ ᠰᠢᠳᠠ᠃ ᠠᠯᠢᠶ᠎ᠠ ᠨᠢᠬᠡ ᠨᠢ ᠭᠤᠣᠯ ᠤᠨ ᠲᠠᠩ ᠤᠨ ᠡᠪᠤᠳᠤᠭ᠌  ᠴᠢᠨᠡᠭᠡᠨ ᠰᠢᠪᠡᠷ ᠳᠣᠲᠣᠷ᠎ᠠ ᠵᠦᠩᠳᠡᠭᠡᠨ ᠲᠤᠬᠢᠶᠠᠯᠳᠤᠳᠠᠭ ᠲᠡᠮᠤᠷ ᠵᠠᠩᠭᠤ ᠶᠢ ᠲᠡᠭᠦᠵᠤ ᠠᠪᠴᠢᠷᠠᠭᠠᠳ ᠬᠠᠮᠳᠦ ᠰᠢᠷᠡᠭᠡᠳᠡᠨ ᠤ ᠬᠢ ᠪᠠᠨ ᠰᠠᠨᠳᠠᠯᠢ ᠳᠡᠭᠡᠷ᠎ᠡ ᠰᠡᠮᠡᠭᠡᠷ ᠲᠠᠯᠪᠢᠨ ᠬᠤᠤᠷ ᠬᠦᠷᠭᠡᠵᠤ ᠪᠠᠭᠰᠢ ᠳᠤ ᠲᠠᠪᠬᠤᠷ ︽ᠶᠠᠯᠠᠯᠠᠭᠳᠠᠳᠠᠭ︾ ᠪᠠᠶᠢᠭᠰᠠᠨ᠃ ᠠᠶᠢᠯ ᠤᠨ ᠰᠤᠷᠭᠠᠭᠤᠯᠢ ᠶᠢᠨ ᠠᠴᠢᠳᠦ ᠪᠠᠭᠰᠢ ᠪᠠᠨ ᠢᠩᠭᠢᠵᠦ ᠵᠣᠪᠠᠭᠠᠳᠠᠭ ᠭᠡᠨᠡᠨ ᠴᠠᠶᠢᠯᠭᠠᠨ ᠪᠠᠭ᠎ᠠ ᠨᠠᠰᠤ ᠮᠢᠨᠢ᠃            ᠦᠰᠴᠤ ᠲᠤᠮᠤᠭᠠᠵᠢᠨ ᠪᠢᠴᠢᠭ ᠰᠤᠶᠤᠯ ᠤᠨ ᠮᠦᠷ ᠬᠦᠭᠡᠭᠡᠵᠤ ᠬᠤᠯᠠ ᠶᠠᠪᠤᠭᠰᠠᠨ ᠴᠤ ᠨᠤᠳᠤᠭ ᠤᠨ  ᠬᠢ ᠪᠠᠨ ᠭᠤᠤᠯ ᠳᠠᠭᠠᠨ ᠰᠡᠳᠭᠢᠯ ᠬᠤᠷᠭᠤᠳᠠᠭᠠᠳ ᠪᠠᠶᠢᠬᠤ ᠶᠤᠮ᠃ ᠤᠷᠢ ᠵᠠᠯᠠᠭᠤ ᠶᠢᠨ ᠬᠦᠰᠡᠯ ᠵᠢᠷᠭᠠᠯ ᠪᠦᠬᠦᠨ ᠢ ᠭᠤᠤᠯ ᠳ᠋ᠠᠭᠠᠨ‌‍ᠰᠢᠪᠡᠨᠡᠭᠦ ᠪᠠᠷ ᠳᠡᠷᠭᠡᠳᠡ ᠨᠢ ᠭᠦᠷᠴᠤ ᠤᠴᠢᠳᠠᠭ᠃ ᠬᠠᠶᠢᠷ᠎ᠠ ᠶᠢᠨ ᠮᠡᠯᠮᠡᠢ ᠪᠠᠷ ᠨᠠᠳᠠ ᠶᠢ ᠰᠢᠷᠳᠡᠭᠰᠡᠭᠡᠷ ᠭᠤᠤᠯ ‍ᠦᠨ‌‍ᠲ᠋ᠤᠩᠭᠠᠯᠠᠭ ᠤᠰᠤ ᠳᠦᠯᠭᠡᠭᠡᠨ ᠤᠷᠤᠰᠤᠨ᠎ᠠ᠂ ᠮᠢᠨᠤ ᠬᠠᠶᠢᠷ᠎ᠠ ᠭᠤᠨᠢᠭ᠂ ᠤᠰᠤᠯ ᠠᠯᠳᠠᠭ᠎ᠠ  ᠪᠦᠬᠦᠨ ᠢ ᠤᠭᠢᠶᠠᠭᠰᠠᠭᠠᠷ ᠭᠤᠤᠯ ᠤᠨ ᠤᠰᠤ ᠠᠯᠭᠤᠷ ᠵᠡᠭᠦᠨᠰᠢᠯᠡᠨ᠎ᠡ᠃            ᠭᠤᠤᠯ ᠲᠠᠢ ᠪᠠᠨ ᠬᠠᠮᠳᠦ ᠦᠡᠭᠬᠡᠷᠡᠭᠡᠭᠰᠡᠨ ᠵᠠᠯᠠᠭᠤ ᠪᠠᠭ᠎ᠠ ᠨᠠᠰᠤᠨ ᠤ ᠵᠢᠷᠭᠠᠯᠳᠤ ᠠᠮᠢᠳᠤᠷᠠᠯ ᠮᠢᠨᠢ ᠰᠡᠳᠬᠢᠯ ᠳᠤ ᠬᠠᠳᠠᠩᠰᠢᠨ᠂ ᠲᠤᠷᠠᠰᠤᠯ ᠤᠨ ᠮᠤᠳᠤ ᠶᠢᠨ ᠬᠠᠮᠤᠭ ᠤᠨ ᠭᠤᠶᠤ ᠨᠠᠮᠠᠭ᠎ᠠ ᠪᠤᠯᠵᠤ ᠬᠡᠵᠢᠶᠡᠳᠡ ᠠᠮᠢᠯᠠᠯ ᠢᠶᠠᠷ ᠪᠢᠯᠬᠠᠮ᠎ᠠ ᠪᠠᠶᠢᠳᠠᠭ᠃            ᠡᠨᠡᠷᠢᠯ ᠢᠪᠡᠭᠡᠯ ᠤᠨ ᠭᠤᠤᠯ ᠮᠢᠨᠢ᠂ ᠬᠠᠶᠢᠷ᠎ᠠ ᠶᠢᠨ ᠡᠭᠡᠰᠢᠭ ᠤᠷᠠᠩᠭᠠᠷᠠᠭᠰᠠᠨ ᠦᠨᠢᠳᠡ ᠶᠢᠨ ᠲᠤᠷᠠᠰᠤᠮᠵᠢ ᠪᠢᠯᠡ᠃                                                                                              ᠵᠣᠬᠢᠶᠠᠭᠴᠢ᠄ ᠳᠠᠭᠤᠯᠠ  
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号