ᠲᠠᠷᠬᠠᠨ ᠨᠤᠲᠤᠭ ᠤᠨ ᠬᠦᠭᠵᠢᠯ
ᠨᠡᠶᠢᠲᠡᠯᠡᠭᠰᠡᠨ ᠴᠠᠭ᠄
2018-03-22
        ᠲᠠᠷᠬᠠᠨ ᠨᠤᠲᠤᠭ ᠤᠨ ᠬᠦᠭᠵᠢᠯ   ᠴᠡᠭᠡᠯᠬᠡᠨ ᠳᠠᠭᠤ ᠲᠠᠢ ᠬᠤᠭᠤᠷ ᠢᠶᠠᠨ ᠴᠡᠭᠴᠡᠤᠬᠡᠢ ᠰᠢᠪᠠᠭᠤ ᠰᠢᠭ᠋ ᠤᠶᠠᠩᠭᠠᠯᠠᠶ᠎ᠠ᠂ ᠴᠡᠯᠡᠭᠡᠷ ᠠᠭᠤᠳᠠᠮ ᠨᠤᠲᠤᠭ ᠤᠨ ᠢᠶᠠᠨ ᠴᠡᠴᠡᠭᠯᠡᠯ ᠬᠦᠭᠵᠢᠯ ᠢ ᠨᠢ ᠬᠤᠯᠪᠤᠶ᠎ᠠ ᠳ᠋ᠠ᠃             ᠤᠶᠠᠬᠠᠨ ᠳᠠᠭᠤ ᠲᠠᠢ ᠬᠤᠭᠤᠷ ᠢᠶᠠᠨ             ᠤᠷᠠᠨ ᠬᠦᠬᠦᠭᠡ ᠰᠢᠭ ᠡᠭᠡᠰᠢᠭᠯᠡᠭᠦᠯᠦᠶ᠎ᠡ᠂             ᠤᠬᠠᠮᠰᠠᠷᠠᠵᠤ ᠪᠦᠯᠬᠦᠮᠳᠡᠭᠰᠡᠨ ᠮᠠᠯᠴᠢᠳ ᠤᠨ ᠢᠶᠠᠨ             ᠤᠷᠤᠭᠰᠢᠯᠠᠵᠤ ᠲᠡᠮᠡᠴᠡᠭᠰᠡᠨ ᠢ ᠨᠢ ᠮᠠᠭᠲᠠᠶ᠎ᠠ ᠳ᠋ᠠ᠃ ᠠᠶᠢᠪᠠᠭ᠎ᠠ ᠭᠤᠣᠯ ᠤᠨ ᠤᠰᠤ ᠨᠢ᠂ ᠠᠷᠢᠭᠤᠨ ᠪᠤᠯᠠᠭ ᠤᠨ ᠤᠨᠳᠤᠷᠤᠯ ᠲᠠᠢ᠂  ᠠᠶᠠᠯᠭᠤᠯᠠᠵᠤ ᠬᠡᠯᠡᠬᠦ ᠬᠤᠯᠪᠤᠭ᠎ᠠ ᠮᠢᠨᠢ ᠠᠤᠭ᠎ᠠ ᠲᠡᠮᠡᠴᠡᠯ ᠤᠨ ᠰᠣᠷᠪᠤᠯᠵᠢ ᠲᠠᠢ᠃             ᠳᠠᠷᠬᠠᠨ ᠨᠤᠲᠤᠭ ᠤᠨ ᠬᠦᠭᠵᠢᠯᠲᠡ ᠨᠢ             ᠳᠠᠯᠠᠢ ᠬᠦᠳᠡᠯᠮᠦᠷᠢ ᠠᠴᠠ ᠦᠨᠳᠦᠰᠦ ᠲᠠᠢ             ᠳᠠᠶᠢᠴᠢᠨ ᠪᠠᠭᠠᠳᠤᠷ ᠮᠠᠯᠴᠢᠳ ᠨᠢ             ᠳᠠᠭᠠᠷᠢᠵᠤ ᠪᠠᠶᠢᠯᠳᠤᠳᠠᠭ ᠤᠳᠤᠮᠰᠢᠯ ᠲᠠᠢ᠃ ᠨᠠᠷᠠᠨ ᠤ ᠲᠤᠶᠠᠭ᠎ᠠ ᠭᠡᠶᠢᠭᠦᠯᠦᠭᠰᠡᠨ ᠨᠠᠶᠢᠷᠲᠠᠢ ᠵᠤᠨ ᠤ ᠤᠯᠠᠷᠢᠯ ᠳᠤ ᠨᠠᠪᠴᠢ ᠴᠡᠴᠡᠭ ᠮᠢᠷᠠᠯᠵᠠᠭᠰᠠᠨ ᠨᠠᠷᠠᠨᠪᠤᠯᠠᠭ ᠪᠠᠷᠢᠭᠠᠳᠠ ᠳᠤ            ᠲᠣᠷᠭᠠᠨ ᠡᠮᠵᠢᠶᠡᠷᠢ ᠰᠢᠭ ᠵᠠᠰᠠᠮᠠᠯ ᠭᠤᠣᠯ            ᠬᠤᠷᠴᠢᠭᠢᠨᠠᠨ ᠱᠤᠤᠬᠢᠭᠠᠳ ᠤᠶᠠᠩᠭ᠎ᠠ ᠲᠠᠢ᠂            ᠲᠤᠤᠰᠠ ᠴᠢᠮᠬᠢᠭᠡᠷᠡᠢ ᠰᠢᠭ ᠡᠪᠡᠰᠦᠨ ᠬᠦᠷᠢᠶ᠎ᠡ            ᠬᠤᠯᠠ ᠠᠴᠠ ᠴᠠᠶᠢᠷᠠᠭᠠᠳ ᠦᠵᠡᠮᠵᠢᠳᠡᠢ᠃ ᠰᠦᠷᠴᠢᠭᠦᠷ ᠮᠠᠰᠢᠨ ᠬᠦᠩᠭᠢᠨᠡᠭᠡᠳ ᠤᠰᠤᠷᠬᠠᠭ  ᠪᠣᠷᠣᠭᠠᠨ ᠤ ᠰᠢᠪᠡᠷᠡᠭᠡᠨ ᠲᠠᠢ᠂ ᠰᠦᠭᠡᠭ ᠰᠢᠭᠤᠢ ᠵᠢᠭᠲᠡᠷᠡᠭᠡᠳ ᠤᠷᠠᠨ ᠰᠢᠪᠠᠭᠤᠳ ᠤᠨ ᠳᠣᠩᠭᠤᠳᠣᠭᠠᠨ ᠲᠠᠢ᠃             ᠰᠢᠯᠢ ᠶᠢ ᠪᠦᠷᠬᠦᠭᠰᠡᠨ ᠰᠦᠷᠦᠭ ᠨᠢ             ᠰᠢᠭᠢᠳᠭᠡᠭᠡ ᠰᠤᠪᠤᠳ ᠰᠢᠭ᠋ ᠮᠢᠷᠠᠯᠵᠠᠭᠠᠨ ᠲᠠᠢ᠂             ᠰᠢᠨᠡᠬᠡᠨ ᠪᠠᠶᠢᠭᠤᠯᠤᠭᠰᠠᠨ ᠰᠠᠭᠤᠷᠢᠰᠢᠯ ᠨᠢ             ᠰᠢᠯ ᠪᠤᠯᠤᠷ ᠰᠢᠭ᠋ ᠬᠢᠯᠠᠯᠵᠠᠭᠠᠨ ᠲᠠᠢ᠃ ᠪᠡᠯᠴᠢᠭᠡᠷ ᠤᠰᠤ ᠪᠠᠨ ᠦᠭᠡᠷᠡᠴᠢᠯᠡᠬᠦ ᠳᠤ ᠪᠠᠭᠠᠳᠤᠷᠯᠠᠨ ᠣᠷᠣᠳᠠᠭ ᠨᠢ ᠣᠯᠠᠨ ᠪᠠᠶᠢᠨ᠎ᠠ᠂ ᠪᠡᠷᠬᠡ ᠬᠦᠴᠢᠷ ᠲᠤᠯᠭᠠᠷᠠᠪᠠᠯ ᠪᠢ ᠭᠡᠳ ᠬᠦᠷᠳᠡᠭ ᠨᠢ ᠠᠷᠪᠢᠨ ᠪᠠᠶᠢᠨ᠎ᠠ᠃             ᠮᠠᠨ ᠤ ᠰᠠᠶᠢᠨ ᠳᠠᠭᠠᠭᠤᠯᠤᠭᠴᠢ             ᠮᠠᠭᠲᠠᠭᠠᠯ ᠰᠠᠶᠢᠰᠢᠶᠠᠯ ᠲᠠᠢ ᠱᠦᠵᠢ ᠪᠠᠶᠢᠨ᠎ᠠ             ᠮᠠᠯᠵᠢᠬᠤ ᠮᠡᠷᠭᠡᠵᠢᠯ ᠢ ᠰᠤᠳᠤᠯᠤᠭᠴᠢ             ᠮᠠᠩᠯᠠᠶᠢᠯᠠᠵᠤ ᠠᠵᠢᠯᠯᠠᠳᠠᠭ ᠮᠡᠷᠭᠡᠵᠢᠯᠳᠡᠨ ᠪᠠᠶᠢᠨ᠎ᠠ᠃ ᠠᠭᠰᠤᠮ ᠬᠦᠯᠦᠭ ᠦᠤᠷᠰᠡᠯᠳᠦᠭᠡᠳ ᠠᠯᠤᠰ ᠤᠨ ᠵᠠᠮ ᠨᠢ ᠨᠠᠷᠭᠢᠶᠠᠨ ᠲᠠᠢ᠂ ᠠᠭᠤᠤ ᠠᠶᠠᠨ ᠲᠠᠶᠢᠨ ᠳᠠᠭᠠᠨ ᠠᠵᠢᠯᠴᠢ ᠮᠠᠯᠴᠢᠳ ᠪᠠᠶᠠᠷ ᠲᠠᠢ᠃             ᠤᠯᠠᠭᠠᠨ ᠲᠤᠭ ᠢᠶᠠᠨ ᠡᠷᠭᠦᠭᠡᠳ             ᠤᠷᠤᠭᠰᠢᠯᠠᠭᠰᠠᠨ ᠡᠩᠨᠡᠭᠡ ᠨᠢ ᠵᠢᠪᠬᠤᠯᠠᠩ ᠲᠠᠢ᠂             ᠤᠷᠢᠲᠠᠵᠤ ᠡᠭᠦᠷᠭᠡ ᠪᠠᠨ ᠪᠡᠶᠡᠯᠡᠭᠦᠯᠦᠭᠡᠳ             ᠤᠷᠤᠯᠳᠤᠭᠠᠨ ᠤ ᠳᠠᠭᠤᠨ ᠨᠢ ᠬᠦᠭᠵᠢᠶᠡᠨ ᠲᠠᠢ᠃ ᠮᠠᠰᠢᠨ ᠬᠤᠳᠳᠤᠭ ᠤᠨ ᠣᠷᠭᠢᠯᠭᠠᠨ ᠳᠤ ᠮᠢᠩᠭᠠᠨ ᠰᠦᠷᠦᠭ ᠤᠨ ᠪᠣᠶᠢᠵᠢᠯᠳᠠ ᠲᠠᠢ ᠮᠠᠰᠢᠨ ᠬᠠᠶᠢᠴᠢ ᠶᠢᠨ ᠬᠢᠯᠠᠯᠵᠠᠭᠠᠨ ᠳᠤ ᠮᠢᠨᠳᠠᠰᠤᠨ ᠰᠦᠮᠪᠦᠷ ᠤᠨ ᠣᠪᠣᠭ᠎ᠠ ᠲᠠᠢ᠃             ᠰᠢᠨᠵᠢᠯᠡᠬᠦ ᠤᠬᠠᠭᠠᠨ ᠢ ᠡᠵᠡᠮᠰᠢᠭᠡᠳ             ᠰᠢᠷᠭᠠᠭᠤ ᠰᠤᠳᠤᠯᠭ᠎ᠠ ᠨᠢ ᠠᠮᠵᠢᠯᠳᠠ ᠲᠠᠢ᠂             ᠰᠢᠨ᠎ᠡ ᠪᠦᠳᠦᠭᠡᠯ ᠢᠶᠠᠨ ᠡᠭᠦᠳᠦᠭᠡᠳ             ᠰᠢᠯᠢᠳᠡᠭ ᠵᠢᠱᠢᠶᠠᠴᠢᠳ ᠠᠷᠪᠢᠨ ᠪᠠᠶᠢᠨ᠎ᠠ᠃ ᠠᠵᠠᠢ ᠪᠤᠭᠤᠷᠤᠯ ᠨᠠᠰᠤᠳᠠᠨ ᠠᠷᠪᠠ ᠬᠦᠷᠦᠭᠡ ᠦᠭᠡᠢ ᠬᠡᠤᠭᠡᠳ ᠠᠯᠤᠰ ᠠᠴᠠ ᠢᠷᠡᠭᠰᠡᠨ ᠮᠡᠷᠭᠡᠵᠢᠯᠳᠡᠨ ᠠᠳᠤᠭᠤᠴᠢᠨ᠂ ᠦᠭᠡᠷᠴᠢᠨ᠂ ᠬᠤᠨᠢᠴᠢᠨ             ᠪᠣᠳᠣᠯᠭ᠎ᠠ ᠴᠤᠭ ᠨᠢᠭᠡᠳᠦᠭᠡᠳ             ᠪᠤᠯᠴᠢᠩ ᠨᠢ ᠬᠠᠮᠲᠤ ᠵᠠᠩᠭᠢᠷᠠᠭᠠᠳ             ᠪᠣᠯᠳᠤ ᠬᠠᠷᠠᠴᠠ ᠨᠢ ᠲᠦᠪᠯᠡᠷᠡᠭᠡᠳ             ᠪᠣᠰᠢᠭᠤᠯᠠᠵᠤ ᠬᠠᠮᠲᠤ ᠪᠠᠷ ᠤᠷᠤᠭᠰᠢᠯᠠᠵᠤ ᠪᠠᠶᠢᠨ᠎ᠠ᠃ ᠪᠠᠶᠠᠯᠢᠭ ᠳᠠᠷᠬᠠᠨ ᠨᠤᠲᠤᠭ ᠲᠤ ᠮᠢᠨᠢ  ᠪᠠᠭ᠋ᠠᠷᠠᠯᠲᠠᠢ ᠭᠠᠶᠢᠬᠠᠮᠰᠢᠭ ᠠᠷᠪᠢᠨ ᠳ᠋ᠠ᠂ ᠪᠠᠳᠠᠭ ᠪᠠᠳᠠᠭ ᠬᠤᠯᠪᠤᠭ᠎ᠠ ᠪᠠᠷ ᠪᠠᠭᠲᠠᠭᠠᠵᠤ ᠬᠡᠯᠡᠬᠦ ᠳᠤ ᠬᠦᠴᠢᠷ ᠰᠢᠤ᠃             ᠰᠠᠷᠠᠭᠤᠯ ᠠᠭᠤᠳᠠᠮ ᠨᠤᠲᠤᠭ ᠲᠤ ᠮᠢᠨᠢ             ᠰᠠᠶᠢᠴᠤᠤᠯ ᠵᠢᠱᠢᠶᠡᠴᠢ ᠣᠯᠠᠨ ᠳ᠋ᠠ᠂             ᠱᠠᠨᠵᠠ ᠬᠤᠭᠤᠷ ᠢᠶᠠᠨ ᠬᠤᠣᠰᠯᠠᠭᠤᠯᠵᠦ             ᠰᠢᠯᠦᠭᠯᠠᠵᠦ ᠬᠤᠯᠪᠤᠭᠠᠳ ᠪᠠᠷᠠᠨ᠎ᠠ ᠤᠤ  ᠳ᠋ᠠ︕ ᠡᠭᠦᠰᠭᠡᠵᠦ ᠬᠡᠯᠡᠭᠰᠡᠨ ᠬᠤᠯᠪᠣᠭ᠎ᠠ ᠪᠠᠨ ᠠᠳᠡ ᠬᠦᠷᠭᠡᠭᠡᠳ ᠲᠡᠭᠦᠰᠭᠡᠶ᠎ᠡ᠂ ᠦᠳᠡᠰᠢᠯᠡᠭᠡ ᠨᠠᠶᠢᠷ ᠤᠨ ᠣᠯᠠᠨ ᠤ ᠪᠠᠨ ᠦᠯᠵᠡᠢ ᠪᠠᠲᠤᠳᠬᠠᠬᠤ ᠶᠢ ᠢᠷᠦᠭᠡᠶ᠎ᠡ︕            ᠬᠤᠯᠪᠤᠵᠤ ᠬᠡᠯᠡᠭᠰᠡᠨ ᠮᠠᠭᠲᠠᠭᠠᠯ ᠢᠶᠠᠨ            ᠬᠤᠷᠢᠶᠠᠵᠤ ᠠᠪᠤᠭᠠᠳ ᠲᠡᠭᠦᠰᠭᠡᠶ᠎ᠡ            ᠬᠤᠷᠠᠵᠤ ᠴᠤᠭᠯᠠᠷᠠᠭᠰᠠᠨ ᠣᠯᠠᠨ ᠤ ᠪᠠᠨ            ᠬᠤᠣᠰ ᠦᠭᠡᠢ ᠵᠢᠷᠭᠠᠬᠤ ᠶᠢ ᠢᠷᠦᠭᠡᠶ᠎ᠡ︕                                                     ︵ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠲᠡᠤᠬᠡ ᠰᠤᠶᠤᠯ ᠤᠨ  ᠴᠣᠪᠣᠷᠠᠯ ᠪᠢᠴᠢᠭ—《 ᠲᠠᠯᠠᠩᠭᠤᠷᠪᠠ ᠶᠢᠨ ᠵᠣᠬᠢᠶᠠᠯ ᠤᠳ》 ᠠᠴᠠ  ᠪᠠᠭᠤᠯᠭᠠᠪᠠ︶
 
ᠢᠷᠡᠯᠲᠡ᠄ 《 ᠲᠠᠯᠠᠩᠭᠤᠷᠪᠠ ᠶᠢᠨ ᠵᠣᠬᠢᠶᠠᠯ ᠤᠳ》
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号