ᠪᠢ ᠮᠤᠩᠭᠤᠯ ᠤᠨ ᠬᠢ
ᠨᠡᠶᠢᠲᠡᠯᠡᠭᠰᠡᠨ ᠴᠠᠭ᠄
2018-03-22
       ᠪᠢ ᠮᠤᠩᠭᠤᠯ ᠤᠨ ᠬᠢ ᠪᠢ ᠮᠣᠩᠭᠤᠯ ᠤᠨ ᠬᠢ ᠪᠠᠶᠢᠬᠤ ᠤᠴᠢᠷᠳᠠᠢ︕ ᠪᠣᠶᠢᠳᠤᠭ ᠤᠨ ᠮᠦᠷ ᠮᠢᠨᠢ ᠮᠤᠩᠭᠤᠯ ᠤᠨ ᠬᠠᠯᠠᠭᠤᠨ ᠬᠦᠷᠦᠰᠦᠨ ᠳᠤ ᠪᠤᠢ︕ ᠪᠦᠯᠢᠶᠠᠨ ᠠᠮᠢᠰᠬᠤᠭ᠎ᠠ ᠮᠢᠨᠢ ᠮᠤᠩᠭᠤᠯ ᠤᠨ ᠤᠷᠢᠬᠠᠨ ᠰᠠᠯᠬᠢᠨ ᠳᠤ ᠪᠤᠢ︕ ᠪᠦᠳᠦᠨ ᠰᠠᠨᠠᠭ᠎ᠠ ᠮᠢᠨᠢ ᠮᠤᠩᠭᠤᠯ ᠤᠨ ᠶᠡᠭᠡ ᠢᠷᠡᠭᠡᠳᠦᠢ ᠳᠤ ᠪᠤᠢ︕ ᠪᠢ ᠮᠤᠩᠭᠤᠯ ᠤᠨ ᠬᠢ ᠯᠠ ᠪᠠᠶᠢᠬᠤ ᠤᠴᠢᠷᠳᠠᠢ︕   ᠬᠠᠯᠬ᠎ᠠ ᠮᠤᠩᠭᠤᠯ᠂ ᠢᠰᠡᠭᠡᠢ ᠲᠤᠭᠤᠷᠭᠠᠳᠠᠨ ᠳᠡᠭᠡᠳᠦᠰ ᠲᠠᠢ ᠪᠢᠯᠡ᠂ ᠪᠢ ᠬᠠᠳᠤᠨ ᠲᠤᠤᠯᠠ᠂ ᠣᠨᠣᠨ ᠬᠡᠷᠦᠯᠦᠨ ᠨᠤᠲᠤᠭ ᠲᠠᠢ ᠪᠢᠯᠡ᠂ ᠪᠢ ᠮᠣᠷᠢᠨ ᠵᠡᠯ᠎ᠡ ᠠᠴᠠ ᠬᠠᠨᠠᠶᠢᠵᠤ ᠠᠯᠬᠤᠭᠰᠠᠨ ᠠᠪᠤ ᠲᠠᠢ ᠪᠢᠯᠡ᠂ ᠪᠢ ᠦᠨᠢᠶᠡᠨ ᠵᠡᠯᠡᠨ ᠳᠤ ᠰᠠᠭᠠᠯᠢ ᠲᠦᠭᠦᠷᠭᠡᠭᠰᠡᠨ ᠡᠵᠢ ᠲᠠᠢ ᠪᠢᠯᠡ᠂ ᠪᠢ   ᠮᠤᠩᠭᠤᠯ ᠭᠡᠷ ᠤᠨ ᠬᠠᠶᠠᠭ᠎ᠠ ᠰᠢᠭᠤᠭᠰᠠᠨ ᠠᠬᠤᠢ ᠲᠠᠢ ᠪᠢᠯᠡ᠂ ᠪᠢ ᠮᠣᠩ ᠦᠭᠡᠢ ᠠᠯᠤᠰ ᠲᠤ ᠬᠠᠷᠠᠭ᠎ᠠ ᠲᠡᠯᠡᠭᠰᠡᠨ ᠲᠠᠯ᠎ᠠ ᠲᠠᠢ ᠪᠢᠯᠡ᠂ ᠪᠢ ᠨᠠᠭᠠᠳᠤᠮ ᠦᠩᠭᠡᠯᠡᠵᠦ ᠬᠤᠷᠳᠤᠯᠠᠭᠰᠠᠨ ᠬᠦᠯᠦᠭ ᠲᠠᠢ ᠪᠢᠯᠡ᠂ ᠪᠢ ᠨᠠᠷᠠ ᠬᠤᠷᠮᠤᠶᠢᠯᠠᠵᠤ ᠨᠠᠯᠠᠶᠢᠭᠰᠠᠨ ᠡᠩᠬᠡ ᠣᠷᠣᠨ ᠲᠠᠢ ᠪᠢᠯᠡ᠂ ᠪᠢ   ᠪᠢ ᠮᠤᠩᠭᠤᠯ ᠤᠨ ᠬᠢ ᠪᠠᠶᠢᠬᠤ ᠤᠴᠢᠷᠳᠠᠢ︕ ᠪᠣᠶᠢᠳᠤᠭ ᠤᠨ ᠮᠦᠷ ᠮᠢᠨᠢ ᠮᠤᠩᠭᠤᠯ ᠤᠨ ᠬᠠᠯᠠᠭᠤᠨ ᠬᠦᠷᠦᠰᠦᠨ ᠳᠤ ᠪᠤᠢ︕ ᠪᠦᠯᠢᠶᠠᠨ ᠠᠮᠢᠰᠬᠤᠭ᠎ᠠ ᠮᠢᠨᠢ ᠮᠤᠩᠭᠤᠯ ᠤᠨ ᠤᠷᠢᠬᠠᠨ ᠰᠠᠯᠬᠢᠨ ᠳᠤ ᠪᠤᠢ︕ ᠪᠦᠳᠦᠨ ᠰᠠᠨᠠᠭ᠎ᠠ ᠮᠢᠨᠢ ᠮᠤᠩᠭᠤᠯ ᠤᠨ ᠶᠡᠭᠡ ᠢᠷᠡᠭᠡᠳᠦᠢ ᠳᠤ ᠪᠤᠢ︕ ᠪᠢ ᠮᠤᠩᠭᠤᠯ ᠤᠨ ᠬᠢ ᠯᠠ ᠪᠠᠶᠢᠬᠤ ᠤᠴᠢᠷᠳᠠᠢ︕          ᠵᠣᠬᠢᠶᠠᠭᠴᠢ ᠶᠢᠨ ᠲᠠᠨᠢᠯᠴᠠᠭᠤᠯᠭ᠎ᠠ:  ᠠ᠊· ᠣᠳᠬᠠᠨᠪᠠᠶᠠᠷ᠄ 1974ᠣᠨ ᠳᠤ ᠲᠠᠷᠬᠠᠨ ᠮᠤᠤᠮᠢᠩᠭᠠᠨ ᠬᠤᠯᠪᠤᠭᠠᠲᠤ ᠬᠤᠰᠢᠭᠤᠨ ᠤ ᠪᠠᠶᠠᠨᠵᠢᠷᠦᠭᠡ ᠰᠤᠮᠤᠨ ᠳᠤ ᠠᠳᠤᠭᠤᠳ ᠤᠨ ᠪᠠᠷ᠎ᠠ ᠲᠠᠢ ᠢᠰᠭᠢᠷᠴᠦ ᠶᠠᠪᠤᠭᠰᠠᠨ ᠠᠪᠤ᠂ ᠰᠠᠭᠠᠯᠢ ᠪᠢᠯᠬᠠᠭᠤᠯᠵᠤ ᠬᠡᠤᠬᠡᠳ ᠤᠨ ᠢᠶᠠᠨ ᠲᠡᠭᠷᠢ ᠳᠤ ᠬᠠᠶᠢᠷ᠎ᠠ ᠶᠢᠨ ᠪᠦᠤᠪᠡᠢ ᠲᠠᠢ ᠶᠠᠪᠤᠭᠰᠠᠨ ᠡᠵᠢ ᠶᠢᠨ ᠢᠶᠠᠨ ᠵᠢᠷᠭᠤᠳᠠᠬᠢ ᠦᠷ᠎ᠡ ᠨᠢ ᠪᠣᠯᠵᠤ ᠵᠠᠶᠠᠭᠠᠪᠠ᠃ 1996 ᠣᠨ ᠳᠤ ᠤᠯᠠᠭᠠᠨᠴᠠᠪ ᠤᠨ ᠮᠤᠩᠭᠤᠯ ᠪᠠᠭᠰᠢ ᠶᠢᠨ ᠰᠤᠷᠭᠠᠭᠤᠯᠢ ᠠᠴᠠ ᠲᠡᠭᠦᠰᠴᠦ ᠰᠤᠮᠤᠨ ᠳᠠᠭᠠᠨ ᠬᠠᠷᠢᠵᠤ ᠪᠠᠭᠰᠢᠯᠠᠪᠠ᠃ 2008 ᠣᠨ ᠳᠤ ᠬᠤᠰᠢᠭᠤᠨ ᠤ ᠦᠨᠳᠦᠰᠦᠳᠡᠨ ᠤ ᠱᠠᠰᠢᠨ ᠰᠤᠷᠲᠠᠬᠤᠨ ᠤ ᠬᠡᠷᠡᠭ ᠡᠷᠬᠢᠯᠡᠬᠦ ᠲᠤᠪᠴᠢᠶᠠᠨ ᠳᠤ ᠠᠵᠢᠯ ᠰᠢᠯᠵᠢᠵᠦ ᠠᠵᠢᠯᠯᠠᠵᠤ ᠪᠠᠶᠢᠭᠰᠠᠨ ᠢᠶᠠᠨ 2014 ᠣᠨ ᠳᠤ ᠮᠢᠩᠭᠠᠨ ᠪᠠᠯᠭᠠᠰᠤᠨ ᠤ ᠬᠠᠰᠠᠷ ᠲᠠᠬᠢᠯᠭ᠎ᠠ ᠶᠢᠨ ᠣᠷᠳᠤᠨ ᠤ ᠬᠠᠮᠢᠶᠠᠷᠤᠯᠲᠠ  ᠶᠢᠨ ᠲᠦᠪ ᠤᠨ ᠳᠠᠷᠤᠭ᠎ᠠ ᠪᠠᠷ ᠲᠣᠮᠢᠯᠠᠭᠳᠠᠵᠤ ᠣᠳᠤ ᠪᠣᠯᠲᠠᠯ᠎ᠠ ᠠᠵᠢᠯᠯᠠᠭᠰᠠᠭᠠᠷ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号